《ᠳᠡᠯᠡᠬᠡᠢ ᠶᠢᠨ ᠡᠭᠦᠷ ᠦᠨ ᠬᠣᠯᠪᠣᠭᠠᠨ ᠤ ᠺᠣᠩᠷᠧᠰ》 (Mobile World Congress) ᠍ ᠳᠦ ᠫᠷᠣᠭᠷᠠᠮ ᠬᠠᠩᠭᠠᠮᠵᠢ ᠦᠢᠯᠡᠳᠪᠦᠷᠢᠯᠡᠭᠴᠢᠳ ᠢ ᠣᠷᠣᠯᠴᠠᠬᠤ ᠶᠢ ᠤᠷᠢᠵᠤ ᠪᠠᠶᠢᠨ᠎ᠠ


ᠳᠡᠯᠡᠬᠡᠢ ᠶᠢᠨ ᠴᠠᠬᠢᠯᠭᠠᠨ ᠬᠣᠯᠪᠣᠭᠠᠨ ᠤ ᠰᠠᠯᠪᠤᠷᠢ ᠶᠢᠨ ᠬᠠᠮᠤᠭ ᠤᠨ ᠲᠣᠮᠣ ᠣᠯᠠᠨ ᠤᠯᠤᠰ ᠤᠨ ᠡᠺᠰᠫᠣ 《ᠳᠡᠯᠡᠬᠡᠢ ᠶᠢᠨ ᠡᠭᠦᠷ ᠦᠨ ᠬᠣᠯᠪᠣᠭᠠᠨ ᠤ ᠺᠣᠩᠷᠧᠰ》 (Mobile World Congress) ᠒᠐᠒᠓ ᠣᠨ ᠤ ᠒ ᠳ᠋ᠤᠭᠠᠷ ᠰᠠᠷ᠎ᠠ ᠶᠢᠨ ᠒᠗ ᠍ ᠤ ᠡᠳᠦᠷ ᠡᠴᠡ ᠓ ᠳ᠋ᠤᠭᠠᠷ ᠰᠠᠷ᠎ᠠ ᠶᠢᠨ ᠑᠊ ᠦ ᠡᠳᠦᠷ ᠦᠳ ᠲᠦ ᠢᠰᠫᠠᠨᠢ ᠶᠢᠨ ᠸᠠᠩᠲᠤ ᠤᠯᠤᠰ ᠤᠨ᠂ ᠪᠠᠷᠰᠧᠯᠤᠨᠠ ᠬᠣᠲᠣᠩ ᠢᠶᠠᠨ ᠵᠣᠬᠢᠶᠠᠨ ᠪᠠᠶᠢᠭᠤᠯᠤᠭᠳᠠᠬᠤ ᠭᠡᠵᠦ ᠪᠠᠶᠢᠨ᠎ᠠ᠃

ᠲᠤᠰ ᠡᠺᠰᠫᠣᠳ ᠪᠦᠲᠦᠭᠡᠭᠳᠡᠬᠦᠨ ᠦᠢᠯᠡᠴᠢᠯᠡᠭᠡ ᠪᠡᠨ ᠰᠤᠷᠲᠠᠯᠴᠢᠯᠠᠨ ᠲᠠᠨᠢᠭᠤᠯᠬᠤ᠂ ᠪᠢᠽᠢᠨ᠋ᠧᠰ ᠦᠨ ᠲᠦᠩᠰᠢᠯᠡᠯ ᠢᠶᠡᠨ ᠥᠷᠭᠡᠵᠢᠭᠦᠯᠬᠦ᠂ ᠬᠥᠷᠥᠩᠭᠡ ᠣᠷᠣᠭᠤᠯᠤᠯᠲᠠ ᠲᠠᠲᠠᠬᠤ ᠵᠣᠷᠢᠯᠭ᠎ᠠ ᠪᠠᠷ 《IBM》᠂ 《META》᠂ 《MICROSOFT》᠂ 《HP》᠂ 《HUAWEI》᠂ 《GALAXY》 ᠵᠡᠷᠭᠡ ᠳᠡᠯᠡᠬᠡᠢ ᠶᠢᠨ ᠲᠣᠮᠣᠬᠠᠨ ᠲᠧᠭᠨᠣᠯᠣᠭᠢ ᠶᠢᠨ ᠰᠠᠯᠪᠤᠷᠢ ᠶᠢᠨ ᠑᠘᠐᠐ ᠭᠠᠷᠤᠢ ᠺᠣᠮᠫᠠᠨᠢ ᠨᠤᠭᠤᠳ ᠵᠢᠯ ᠪᠦᠷᠢ ᠣᠷᠣᠯᠴᠠᠳᠠᠭ᠃
ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠰᠠᠶᠢᠳ ᠤᠨ ᠰᠠᠨᠠᠭᠠᠴᠢᠯᠠᠭ᠎ᠠ ᠪᠠᠷ ᠤᠭ ᠠᠷᠭ᠎ᠠ ᠬᠡᠮᠵᠢᠶᠡᠨ ᠳᠦ ᠮᠣᠩᠭᠣᠯ ᠤᠯᠤᠰ ᠠᠴᠠ ᠨᠢᠭᠡᠳᠦᠭᠰᠡᠨ ᠵᠣᠬᠢᠶᠠᠨ ᠪᠠᠶᠢᠭᠤᠯᠤᠯᠲᠠ ᠲᠠᠢ ᠪᠠᠷ ᠠᠩᠬ᠎ᠠ ᠤᠳᠠᠭ᠎ᠠ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠶᠢᠨ ᠪᠠᠶᠢᠭᠤᠯᠤᠯᠭ᠎ᠠ ᠨᠤᠭᠤᠳ ᠬᠠᠮᠲᠤᠷᠠᠨ ᠣᠷᠣᠯᠴᠠᠬᠤ ᠪᠠᠷ ᠲᠥᠯᠥᠪᠯᠡᠵᠦ ᠪᠠᠶᠢᠨ᠎ᠠ᠃
ᠡᠶᠢᠮᠦ ᠳᠦ ᠲᠤᠰ ᠠᠷᠭ᠎ᠠ ᠬᠡᠮᠵᠢᠶᠡᠨ ᠳᠦ ᠤᠷᠤᠯᠴᠠᠬᠤ ᠰᠣᠨᠢᠷᠬᠠᠯᠲᠠᠢ ᠠᠵᠤ ᠠᠬᠤᠢ ᠨᠢᠭᠡᠴᠡ᠂ ᠪᠠᠶᠢᠭᠤᠯᠤᠯᠭ᠎ᠠ ᠨᠤᠭᠤᠳ᠂ ᠦᠨᠳᠦᠰᠦᠨ ᠦ ᠫᠷᠣᠭᠷᠠᠮ ᠬᠠᠩᠭᠠᠮᠵᠢ ᠦᠢᠯᠡᠳᠪᠦᠷᠢᠯᠡᠭᠴᠢ ᠺᠣᠮᠫᠠᠨᠢ ᠨᠤᠭᠤᠳ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤᠨ ᠤ ᠭᠠᠳᠠᠭᠠᠳᠤ ᠬᠠᠮᠲᠤ ᠶᠢᠨ ᠠᠵᠢᠯᠯᠠᠭᠠᠨ ᠤ ᠬᠡᠯᠲᠡᠰ (fr@service.gov.mn᠂ ᠒᠖᠐᠖᠓᠖) ᠍ ᠲᠡᠢ ᠬᠣᠯᠪᠣᠭᠳᠠᠨ᠎ᠠ ᠤᠤ᠃

ᠨᠡᠶᠢᠲᠡᠯᠡᠭᠰᠡᠨ᠄