᠍ ᠴᠠ᠊ ᠬᠥ᠊ ᠬᠠ᠊ ᠬᠣ᠊ ᠶᠠ᠊-ᠤ ᠰᠠᠯᠪᠤᠷᠢ ᠶᠢᠨ ᠰᠲᠷᠠᠲ᠋ᠧᠭᠢ ᠲᠥᠯᠦᠪᠯᠡᠭᠡᠨ ᠳᠦ ᠵᠧᠨᠳᠡᠷ ᠦᠨ ᠠᠰᠠᠭᠤᠳᠠᠯ ᠢ ᠠᠩᠬᠠᠷᠴᠤ ᠲᠤᠰᠬᠠᠨ᠎ᠠ


ᠼᠠ ᠬᠥᠥ ᠬᠠᠠ ᠬᠣ ᠶᠠ᠂ ᠵᠧᠨᠳᠡᠷ ᠦᠨ ᠦᠨᠳᠦᠰᠦᠨ ᠦ ᠬᠣᠷᠢᠶ᠎ᠠ ᠲᠠᠢ ᠬᠠᠮᠲᠤᠷᠠᠨ ᠰᠠᠯᠪᠤᠷᠢ ᠶᠢᠨ ᠵᠧᠨᠳᠡᠷ ᠦᠨ ᠰᠲᠷᠠᠲ᠋ᠧᠭᠢ ᠲᠥᠯᠥᠪᠯᠡᠭᠡ ᠶᠢ ᠪᠣᠯᠪᠠᠰᠤᠷᠠᠭᠤᠯᠬᠤ ᠵᠥᠪᠯᠡᠯᠳᠦᠬᠦ ᠠᠭᠤᠯᠵᠠᠯᠲᠠ᠂ ᠰᠧᠮᠢᠨᠠᠷ ᠢ ᠥᠨᠥᠳᠥᠷ /᠒᠐᠒᠒.᠐᠑.᠐᠙/ ᠵᠣᠬᠢᠶᠠᠨ ᠪᠠᠶᠢᠭᠤᠯᠤᠯ᠎ᠠ᠃ ᠲᠤᠰ ᠰᠧᠮᠢᠨᠠᠷ ᠲᠤ ᠵᠧᠨᠳᠡᠷ ᠦᠨ ᠦᠨᠳᠦᠰᠦᠨ ᠦ ᠬᠣᠷᠢᠶᠠᠨ ᠤ ᠵᠥᠪᠯᠡᠬᠦ ᠪ ∙ ᠣᠨᠣᠨ᠂ ᠰᠠᠯᠪᠤᠷᠢ ᠳᠤᠮᠳᠠ ᠶᠢᠨ ᠪᠣᠳᠣᠯᠭ᠎ᠠ ᠵᠣᠬᠢᠴᠠᠭᠤᠯᠤᠯᠲᠠ᠂ ᠬᠠᠤᠯᠢ ᠲᠣᠭᠲᠠᠭᠠᠮᠵᠢ ᠶᠢᠨ ᠬᠡᠷᠡᠭᠵᠢᠯᠲᠡ ᠬᠠᠷᠢᠭᠤᠴᠠᠭᠰᠠᠨ ᠠᠬᠠᠯᠠᠬᠤ ᠮᠡᠷᠭᠡᠵᠢᠯᠲᠡᠨ ᠣ᠊ ∙ ᠪᠤᠶᠠᠨ ᠢᠶᠠᠨ ᠨᠠᠷ 《ᠵᠧᠨᠳᠡᠷ ᠦᠨ ᠲᠡᠭᠰᠢ ᠪᠠᠶᠢᠳᠠᠯ᠂ ᠦᠨᠳᠦᠰᠦᠨ ᠦ ᠪᠣᠳᠣᠯᠭ᠎ᠠ ᠲᠥᠯᠥᠪᠯᠡᠯᠲᠡ ᠶᠢᠨ ᠣᠨᠴᠠᠯᠢᠭ》᠂ 《ᠵᠧᠨᠳᠡᠷ ᠦᠨ ᠡᠷᠬᠡ ᠲᠡᠭᠰᠢ ᠪᠠᠶᠢᠳᠠᠯ ᠢ ᠬᠠᠩᠭᠠᠬᠤ ᠰᠠᠯᠪᠤᠷᠢ ᠳᠤᠮᠳᠠ ᠶᠢᠨ ᠰᠲᠷᠠᠲ᠋ᠧᠭᠢ ᠲᠥᠯᠥᠪᠯᠡᠭᠡ》᠂ 《ᠴᠠᠬᠢᠮ ᠬᠥᠭᠵᠢᠯ᠂ ᠬᠠᠷᠢᠯᠴᠠᠭ᠎ᠠ᠂ ᠬᠣᠯᠪᠣᠭᠠᠨ ᠤ ᠰᠠᠯᠪᠤᠷᠢ ᠶᠢᠨ ᠣᠷᠣᠯᠴᠠᠭᠠᠨ ᠳᠤ ᠰᠠᠭᠤᠷᠢᠯᠠᠭᠰᠠᠨ ᠵᠧᠨᠳᠡᠷ ᠦᠨ ᠦᠨᠡᠯᠡᠭᠡᠨ ᠦ ᠲᠠᠶᠢᠯᠤᠨ》 ᠪᠣᠯᠤᠨ 《ᠰᠠᠯᠪᠤᠷᠢ ᠳᠤ ᠪᠠᠷᠢᠮᠲᠠᠯᠠᠬᠤ ᠵᠧᠨᠳᠡᠷ ᠦᠨ ᠰᠲᠷᠠᠲ᠋ᠧᠭᠢ ᠶᠢᠨ ᠲᠡᠷᠢᠭᠦᠯᠡᠬᠦ ᠴᠢᠭᠯᠡᠯ》 ᠵᠡᠷᠭᠡ ᠰᠡᠳᠦᠪ ᠢᠶᠡᠷ ᠲᠠᠨᠢᠯᠴᠠᠭᠤᠯᠭ᠎ᠠ᠂ ᠮᠡᠳᠡᠭᠡᠯᠡᠯ ᠬᠢᠵᠦ᠂ ᠬᠡᠯᠡᠯᠴᠡᠭᠦᠯᠭᠡ ᠥᠷᠨᠢᠭᠦᠯᠦᠭᠰᠡᠨ ᠶᠤᠮ᠃

ᠵᠥᠪᠯᠡᠯ ᠳᠦ ᠬᠢ ᠠᠭᠤᠯᠵᠠᠯᠲᠠ ᠳᠤ ᠼᠠ ᠬᠥ ᠬᠠ ᠬᠣ ᠶᠠ ᠪᠣᠯᠤᠨ ᠬᠠᠷᠢᠶ᠎ᠠ ᠪᠠᠶᠢᠭᠤᠯᠤᠯᠭ᠎ᠠ ᠨᠤᠭᠤᠳ ᠤᠨ ᠲᠥᠯᠦᠭᠡᠯᠡᠯ᠂ ᠵᠧᠨᠳᠡᠷ ᠦᠨ ᠦᠨᠳᠦᠰᠦᠨ ᠦ ᠬᠣᠷᠢᠶᠠᠨ ᠤ ᠠᠵᠢᠯ ᠤᠨ ᠠᠯᠪᠠ᠂ ᠬᠤᠪ ᠤᠨ ᠬᠡᠪᠰᠢᠯ ᠦᠨ ᠨᠡᠶᠢᠲᠡ ᠔᠐ ᠭᠠᠷᠤᠢ ᠲᠥᠯᠦᠭᠡᠯᠡᠯ ᠣᠷᠣᠯᠴᠠᠵᠤ᠂ ᠰᠠᠯᠪᠤᠷᠢ ᠶᠢᠨ ᠒᠐᠒᠓ ᠣᠨ ᠤ ᠰᠲᠷᠠᠲ᠋ᠧᠭᠢ ᠲᠥᠯᠦᠪᠯᠡᠭᠡᠨ ᠳᠦ ᠵᠧᠨᠳᠡᠷ ᠦᠨ ᠠᠰᠠᠭᠤᠳᠠᠯ ᠤᠨ ᠲᠠᠯ᠎ᠠ ᠪᠠᠷ ᠠᠩᠬᠠᠷᠴᠤ᠂ ᠲᠤᠰᠬᠠᠵᠤ ᠠᠵᠢᠯᠯᠠᠬᠤ ᠪᠠᠷ ᠰᠠᠨᠠᠯ ᠨᠢᠭᠡᠳᠦᠯ᠎ᠡ᠃

ᠨᠡᠶᠢᠲᠡᠯᠡᠭᠰᠡᠨ᠄