ᠳᠠᠷᠬᠠᠨ-ᠠᠭᠤᠯᠠ ᠠᠶᠢᠮᠠᠭ ᠲᠤ 《ᠮᠣᠩᠭᠣᠯ ᠰᠢᠤᠳᠠᠨ ᠬᠺ ᠍ ᠦ ᠰᠢᠤᠳᠠᠨ ᠪᠣᠯᠤᠨ ᠰᠠᠩᠬᠦᠦ ᠶᠢᠨ ᠦᠢᠯᠡᠴᠢᠯᠡᠭᠡ ᠦᠵᠡᠭᠦᠯᠬᠦ ᠰᠢᠨ᠎ᠡ ᠰᠠᠯᠪᠤᠷᠢ ᠨᠡᠭᠡᠭᠡᠭᠳᠡᠯ᠎ᠡ


ᠢ-ᠮᠣᠨᠭᠣᠯ》 ᠰᠢᠰᠲ᠋ᠧᠮ ᠦᠨ ᠦᠢᠯᠡᠴᠢᠯᠡᠭᠡᠨ ᠦ ᠨᠡᠷ᠎ᠡ ᠲᠥᠷᠥᠯ᠂ ᠴᠠᠷ᠎ᠠ ᠬᠦᠷᠢᠶ᠎ᠡ ᠨᠡᠮᠡᠭᠳᠡᠬᠦ ᠶᠢᠨ ᠬᠢᠷᠢ ᠪᠡᠷ ᠮᠣᠩᠭᠣᠯ ᠤᠯᠤᠰ ᠤᠨ ᠱᠤᠤᠳᠠᠩ ᠤᠨ ᠦᠨᠳᠦᠰᠦᠨ ᠰᠦᠯᠵᠢᠶ᠎ᠡ ᠶᠢ ᠡᠵᠡᠮᠰᠢᠭᠴᠢ ᠮᠣᠩᠭᠣᠯ ᠰᠢᠤᠳᠠᠨ ᠬᠬᠺ ᠨᠠᠶᠢᠳᠠᠪᠤᠷᠢᠲᠠᠢ᠂ ᠰᠢᠭᠤᠷᠬᠠᠢ ᠦᠢᠯᠡᠴᠢᠯᠡᠭᠡ ᠦᠵᠡᠭᠦᠯᠬᠦ ᠱᠠᠭᠠᠷᠳᠠᠯᠭ᠎ᠠ ᠲᠠᠢ ᠪᠣᠯᠵᠤ ᠪᠠᠶᠢᠨ᠎ᠠ᠃

《ᠮᠣᠩᠭᠣᠯ ᠰᠢᠤᠳᠠᠨ》 ᠬᠺ ᠨᠢ ᠒᠐᠑᠕ ᠣᠨ ᠤ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠰᠢᠢᠳᠪᠦᠷᠢ ᠶᠢᠨ ᠳᠠᠭᠠᠤ ᠨᠡᠭᠡᠭᠡᠯᠲᠡ ᠲᠡᠢ ᠬᠤᠪᠢᠴᠠᠭᠠᠲᠤ ᠺᠣᠮᠫᠠᠨᠢ ᠪᠣᠯᠤᠭᠰᠠᠨ ᠢᠶᠠᠷ ᠢᠶᠠᠨ ᠪᠤᠰᠤᠳ ᠲᠥᠷᠥ ᠶᠢᠨ ᠥᠮᠴᠢᠲᠤ ᠺᠣᠮᠫᠠᠨᠢ ᠨᠤᠭᠤᠳ ᠢ ᠣᠯᠠᠨ ᠨᠡᠶᠢᠲᠡ ᠳᠦ ᠨᠡᠭᠡᠭᠡᠯᠲᠡ ᠲᠡᠢ᠂ ᠢᠯᠡ ᠲᠣᠳᠣ᠂ ᠦᠷ᠎ᠡ ᠠᠰᠢᠭ ᠲᠠᠢ ᠪᠣᠯᠭᠠᠬᠤ ᠳᠤ ᠮᠠᠩᠯᠠᠶᠢᠯᠠᠯ ᠦᠵᠡᠭᠦᠯᠵᠦ ᠪᠠᠶᠢᠭ᠎ᠠ ᠺᠣᠮᠫᠠᠨᠢ ᠶᠤᠮ᠃ ᠥᠩᠭᠡᠷᠡᠭᠰᠡᠨ ᠬᠤᠭᠤᠴᠠᠭᠠᠨ ᠳᠤ ᠬᠤᠪ ᠤᠨ ᠬᠡᠪᠰᠢᠯ᠂ ᠲᠡᠭᠦᠨ ᠦ ᠳᠣᠲᠣᠷ᠎ᠠ ᠠᠷᠳ ᠰᠠᠩᠬᠦᠦ ᠶᠢᠨ ᠨᠢᠭᠡᠳᠦᠯ ᠦᠨ ᠣᠷᠣᠯᠴᠠᠭ᠎ᠠ᠂ ᠳᠡᠮᠵᠢᠯᠭᠡ᠂ ᠬᠥᠷᠦᠩᠭᠡ ᠣᠷᠣᠭᠤᠯᠤᠯᠲᠠ ᠶᠢᠨ ᠦᠷ᠎ᠡ ᠳ᠋ᠦᠩ ᠳᠦ ᠮᠣᠩᠭᠣᠯ ᠰᠢᠤᠳᠠᠨ ᠬᠺ ᠍ ᠤᠨ ᠥᠩᠭᠡ ᠲᠥᠷᠬᠦ ᠰᠢᠨᠡᠴᠢᠯᠡᠭᠳᠡᠵᠦ᠂ ᠦᠢᠯᠡᠴᠢᠯᠡᠭᠡ ᠰᠠᠶᠢᠵᠢᠷᠠᠨ᠂ ᠪᠣᠷᠣᠯᠠᠭᠤᠯᠤᠯᠲᠠ᠂ ᠠᠰᠢᠭᠲᠤ ᠠᠵᠢᠯᠯᠠᠭ᠎ᠠ ᠨᠢ ᠒ ᠳ᠋ᠠᠬᠢᠨ ᠨᠡᠮᠡᠭᠳᠡᠵᠦ᠂ ᠬᠤᠪᠢᠴᠠᠭ᠎ᠠ ᠡᠵᠡᠮᠰᠢᠭᠴᠢᠳ ᠲᠦ ᠪᠡᠨ ᠕ ᠵᠢᠯ ᠳᠠᠷᠠᠭᠠᠯᠠᠨ ᠨᠣᠭᠳᠠᠯ ᠠᠰᠢᠭ ᠲᠠᠷᠠᠭᠠᠵᠤ ᠢᠷᠡᠭᠰᠡᠨ ᠨᠢ ᠰᠠᠶᠢᠨ ᠵᠢᠱᠢᠭ ᠪᠣᠯᠵᠤ ᠪᠠᠶᠢᠨ᠎ᠠ᠃

ᠥᠨᠥᠳᠥᠷ ᠮᠣᠩᠭᠣᠯ ᠰᠢᠤᠳᠠᠨ ᠬᠺК ᠪᠣᠯᠤᠨ ᠠᠷᠳ ᠰᠠᠩᠬᠦᠦ ᠶᠢᠨ ᠨᠢᠭᠡᠳᠦᠯ ᠦᠨ ᠬᠠᠮᠲᠤ ᠶᠢᠨ ᠬᠥᠷᠦᠩᠭᠡ ᠣᠷᠣᠭᠤᠯᠤᠯᠲᠠ ᠪᠠᠷ ᠳᠠᠷᠬᠠᠨ-ᠠᠭᠤᠯᠠ ᠠᠶᠢᠮᠠᠭ ᠲᠤ ᠱᠤᠤᠳᠠᠩ ᠤᠨ ᠪᠣᠯᠤᠨ ᠰᠠᠩᠬᠦᠦ ᠶᠢᠨ ᠴᠣᠭᠴᠠ ᠦᠢᠯᠡᠴᠢᠯᠡᠭᠡ ᠦᠵᠡᠭᠦᠯᠬᠦ ᠰᠢᠨ᠎ᠡ ᠰᠠᠯᠪᠤᠷᠢ ᠨᠡᠭᠡᠭᠡᠭᠳᠡᠵᠦ᠂ ᠣᠷᠣᠨ ᠨᠤᠲᠤᠭ ᠤᠨ ᠢᠷᠭᠡᠳ ᠲᠦ ᠦᠢᠯᠡᠴᠢᠯᠡᠵᠦ ᠡᠬᠢᠯᠡᠯ᠎ᠡ᠃

ᠨᠡᠶᠢᠲᠡᠯᠡᠭᠰᠡᠨ᠄