ᠢᠷᠭᠡᠳ ᠦᠨ ᠴᠠᠬᠢᠮ ᠤᠷ᠎ᠠ ᠴᠢᠳᠠᠪᠤᠷᠢ ᠶᠢ ᠳᠡᠭᠡᠭᠰᠢᠯᠡᠭᠦᠯᠬᠦ᠂ ᠦᠨᠳᠦᠰᠦᠨ ᠦ ᠺᠣᠨᠲ᠋ᠧᠨᠲ ᠦᠢᠯᠡᠳᠪᠦᠷᠢᠯᠡᠯ ᠢ ᠳᠡᠮᠵᠢᠨ ᠠᠵᠢᠯᠯᠠᠬᠤ 《ᠴᠠᠬᠢᠮ ᠤᠷ᠎ᠠ ᠴᠢᠳᠠᠪᠤᠷᠢ ᠣᠯᠭᠣᠬᠤ ᠲᠥᠪ》 ᠨᠡᠭᠡᠭᠡᠭᠳᠡᠯ᠎ᠡ


ᠮᠣᠩᠭᠣᠯ ᠤᠯᠤᠰ᠂ БНСУ ᠍ ᠤᠨ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠬᠦ ᠠᠵᠢᠯ ᠤᠨ ᠬᠦᠷᠢᠶᠡᠨ ᠳᠦ БНСУ ᠍ ᠤᠨ ᠦᠨᠳᠦᠰᠦᠨ ᠦ ᠮᠡᠳᠡᠭᠡᠯᠡᠯ ᠦᠨ ᠨᠡᠶᠢᠭᠡᠮᠯᠢᠭ ᠦᠨ ᠠᠭᠧᠨᠲᠯᠢᠭ ᠤᠨ ᠪᠤᠴᠠᠯᠲᠠ ᠦᠭᠡᠢ ᠲᠤᠰᠠᠯᠠᠮᠵᠢ ᠪᠠᠷ 《ᠴᠠᠬᠢᠮ ᠤᠷ᠎ᠠ ᠴᠢᠳᠠᠪᠤᠷᠢ ᠣᠯᠭᠣᠬᠤ ᠲᠥᠪ》 ᠲᠥᠰᠥᠯ ᠢ ᠠᠮᠵᠢᠯᠲᠠᠲᠠᠢ ᠬᠡᠷᠡᠭᠵᠢᠭᠦᠯᠵᠦ ᠥᠨᠥᠳᠥᠷ (᠒᠐᠒᠒-᠑᠒-᠑᠕) ᠨᠡᠭᠡᠭᠡᠯᠲᠡ ᠪᠡᠨ ᠬᠢᠯ᠎ᠡ᠃

ᠨᠡᠭᠡᠭᠡᠯᠲᠡ ᠶᠢᠨ ᠦᠢᠯᠡ ᠠᠵᠢᠯᠯᠠᠭᠠᠨ ᠳᠤ ЦХХХ ᠍ ᠤ ᠰᠠᠶᠢᠳ ᠨ ∙ ᠤᠴᠠᠷᠠᠯ᠂ БНСУ ᠍ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠤ ᠺᠣᠨᠰᠤᠶᠢᠯ ᠺᠢᠮ ᠴᠢᠯ ᠰᠠᠨ᠂ БНСУ ᠍ ᠤᠨ ᠦᠨᠳᠦᠰᠦᠨ ᠦ ᠮᠡᠳᠡᠭᠡᠯᠡᠯ ᠦᠨ ᠨᠡᠶᠢᠭᠡᠮᠯᠢᠭ ᠦᠨ ᠠᠭᠧᠨᠲᠯᠢᠭ ᠤᠨ ᠳᠡᠳ᠋ ᠶᠡᠷᠦᠩᠬᠡᠶᠢᠯᠡᠭᠴᠢ ᠫᠠᠺ ᠸᠣᠨ ᠵᠡᠢ ᠲᠡᠷᠢᠭᠦᠲᠡᠢ ᠵᠣᠴᠢᠳ ᠲᠥᠯᠦᠭᠡᠯᠡᠭᠴᠢᠳ ᠣᠷᠣᠯᠴᠠᠨ᠂ ᠲᠤᠰ ᠲᠥᠪ ᠦᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠴᠠᠭᠠᠰᠢᠳᠠ ᠶᠢᠨ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃

ЦХХХЯ ᠍ ᠤ ᠳᠡᠮᠵᠢᠯᠭᠡ ᠲᠡᠢ ᠪᠡᠷ ᠨᠡᠭᠡᠭᠡᠭᠳᠡᠵᠦ ᠪᠤᠢ ᠡᠨᠡᠬᠦ ᠲᠥᠪ ᠨᠢ ᠪᠦᠬᠦ ᠨᠡᠶᠢᠲᠡ ᠶᠢᠨ ᠴᠠᠬᠢᠮ ᠤᠷ᠎ᠠ ᠴᠢᠳᠠᠪᠤᠷᠢ ᠶᠢ ᠨᠡᠮᠡᠭᠳᠡᠭᠦᠯᠬᠦ᠂ ᠲᠡᠷᠡ ᠳᠤᠮᠳᠠ ᠪᠠᠨ ᠬᠠᠷᠠᠭᠠᠨ ᠤ ᠪᠡᠷᠬᠡᠰᠢᠶᠡᠯ ᠲᠡᠢ ᠢᠷᠭᠡᠳ ᠲᠦ ᠲᠥᠷᠦ ᠶᠢᠨ ᠦᠢᠯᠡᠴᠢᠯᠡᠭᠡ ᠶᠢ ᠬᠦᠷᠲᠡᠭᠡᠮᠵᠢ ᠲᠡᠢ ᠬᠦᠷᠭᠡᠬᠦ ᠴᠢᠭᠯᠡᠯ ᠢᠶᠡᠷ ᠰᠤᠷᠭᠠᠯᠲᠠ᠂ ᠠᠷᠭ᠎ᠠ ᠬᠡᠮᠵᠢᠶ᠎ᠡ ᠵᠣᠬᠢᠶᠠᠨ ᠪᠠᠶᠢᠭᠤᠯᠬᠤ ᠠᠴᠠ ᠭᠠᠳᠠᠨ᠎ᠠ ᠦᠨᠳᠦᠰᠦᠨ ᠦ ᠺᠣᠨᠲ᠋ᠧᠨᠲ ᠦᠢᠯᠡᠳᠪᠦᠷᠢᠯᠡᠭᠴᠢᠳ ᠢ ᠳᠡᠮᠵᠢᠬᠦ ᠵᠣᠷᠢᠯᠭ᠎ᠠ ᠲᠠᠢ ᠪᠥᠭᠡᠳ ᠮᠡᠳᠡᠭᠡᠯᠡᠯ᠂ ᠲᠧᠭᠨᠣᠯᠣᠭᠢ ᠶᠢᠨ ᠦᠨᠳᠦᠰᠦᠨ ᠦ ᠫᠠᠷᠺ ᠦᠢᠯᠡ ᠠᠵᠢᠯᠯᠠᠭ᠎ᠠ ᠶᠢ ᠨᠢ ᠪᠥᠷᠢᠨ ᠬᠠᠷᠢᠭᠤᠴᠠᠨ ᠠᠵᠢᠯᠯᠠᠬᠤ ᠪᠣᠯ ᠪᠦᠬᠦ ᠨᠡᠶᠢᠲᠡ ᠳᠦ ᠴᠠᠬᠢᠮ ᠤᠷ᠎ᠠ ᠴᠢᠳᠠᠪᠤᠷᠢ ᠣᠯᠭᠤᠬᠤ ᠰᠤᠷᠭᠠᠯᠲᠠ ᠶᠢ ᠢ-ᠮᠣᠩᠭᠣᠯ ᠠᠺᠠᠳᠧᠮᠢ ᠲᠠᠢ ᠬᠠᠮᠲᠤᠷᠠᠨ ᠵᠣᠬᠢᠶᠠᠨ ᠪᠠᠶᠢᠭᠤᠯᠬᠤ ᠶᠤᠮ᠃

ᠲᠤᠰ ᠲᠥᠪ ᠲᠦ ᠢᠷᠭᠡᠳ ᠦᠨ ᠴᠠᠬᠢᠮ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠰᠤᠷᠭᠠᠯᠲᠠ ᠶᠠᠪᠤᠭᠤᠯᠬᠤ ᠢᠵᠢ ᠪᠦᠷᠢᠨ ᠺᠣᠮᠫᠢᠶᠦ᠋ᠲ᠋ᠧᠷ᠂ ᠲᠣᠨᠣᠭ ᠲᠥᠬᠥᠭᠡᠷᠦᠮᠵᠢ ᠶᠢᠨ ᠪᠦᠷᠢᠳᠦᠯ ᠪᠦᠬᠦᠢ 2 ᠲᠠᠩᠬᠢᠮ᠂ ᠢᠨᠲ᠋ᠧᠷᠨᠡᠲ ᠺᠠᠹᠧ᠂ ᠸᠢᠳᠢᠣ᠋ ᠠᠭᠤᠯᠵᠠᠯᠲᠠ ᠶᠢᠨ ᠥᠷᠥᠭᠡ᠂ ᠲᠣᠭᠠᠨ ᠺᠣᠨᠲ᠋ᠧᠨᠲ ᠪᠦᠲᠦᠭᠡᠬᠦ᠂ ᠺᠣᠨᠲ᠋ᠧᠨᠲ ᠪᠦᠲᠦᠭᠡᠭᠴᠢᠳ ᠢ ᠳᠡᠮᠵᠢᠨ ᠬᠥᠭᠵᠢᠭᠦᠯᠬᠦ 2 ᠲᠠᠩᠬᠢᠮ ᠵᠡᠷᠭᠡ ᠶᠢ 100% ᠲᠣᠨᠣᠭᠯᠠᠵᠤ᠂ ᠵᠠᠰᠠᠪᠤᠷᠢ᠂ ᠲᠣᠬᠢᠵᠢᠯᠲᠠ ᠶᠢᠨ ᠠᠵᠢᠯ ᠢ ᠰᠢᠢᠳᠪᠦᠷᠢᠯᠡᠭᠰᠡᠨ ᠪᠥᠭᠡᠳ ᠵᠣᠷᠢᠯᠲᠠᠳ ᠪᠣᠯᠤᠨ ᠨᠡᠶᠢᠭᠡᠮ ᠤᠨ ᠬᠡᠷᠡᠭᠴᠡᠭᠡ ᠳᠦ ᠪᠦᠯᠦᠭ ᠲᠦ ᠴᠢᠭᠯᠡᠭᠰᠡᠨ ᠰᠤᠷᠭᠠᠯᠲᠠ᠂ ᠦᠢᠯᠡ ᠠᠵᠢᠯᠯᠠᠭ᠎ᠠ ᠶᠠᠪᠤᠭᠤᠯᠬᠤ ᠪᠣᠯᠤᠮᠵᠢ ᠲᠠᠢ ᠪᠠᠷ ᠢᠶᠠᠨ ᠣᠨᠴᠠᠯᠢᠭ ᠶᠤᠮ᠃

БНСУ ᠍ ᠤᠨ ᠦᠨᠳᠦᠰᠦᠨ ᠦ ᠮᠡᠳᠡᠭᠡᠯᠡᠯ ᠦᠨ ᠨᠡᠶᠢᠭᠡᠮᠯᠢᠭ ᠦᠨ ᠠᠭᠧᠨᠲᠯᠢᠭ ᠨᠢ ᠣᠯᠠᠨ ᠤᠯᠤᠰ ᠲᠤ ᠮᠡᠳᠡᠭᠡᠯᠡᠯ ᠬᠠᠨᠳᠤᠯᠲᠠ ᠶᠢᠨ ᠲᠥᠪ ᠪᠠᠶᠢᠭᠤᠯᠬᠤ (IAC) ᠲᠥᠰᠦᠯ ᠬᠡᠷᠡᠭᠵᠢᠭᠦᠯᠳᠡᠭ ᠪᠥᠭᠡᠳ ᠡᠨᠡᠬᠦ ᠲᠥᠪ ᠨᠢ 52 ᠳ᠋ᠠᠬᠢ ᠨᠢ ᠪᠣᠯᠵᠤ ᠪᠠᠶᠢᠨ᠎ᠠ᠃

ᠨᠡᠶᠢᠲᠡᠯᠡᠭᠰᠡᠨ᠄