ᠮᠣᠩᠭᠣᠯ ᠤᠯᠤᠰ ᠲᠤ ᠨᠠᠮ ᠣᠷᠪᠢᠲ ᠤᠨ ᠠᠯᠢ ᠴᠤ ᠦᠢᠯᠡᠴᠢᠯᠡᠭᠡ ᠡᠷᠬᠢᠯᠡᠭᠴᠢ ᠺᠣᠮᠫᠠᠨᠢ ᠪᠢᠽᠢᠨ᠋ᠧᠰ ᠡᠷᠬᠢᠯᠡᠬᠦ ᠪᠣᠯᠤᠮᠵᠢ ᠪᠦᠷᠢᠳᠦᠭᠰᠡᠨ


ᠴᠠ᠊ ᠬᠥᠭ᠊ ᠬᠠ᠊ ᠬᠣᠯ᠊ ᠤ ᠶᠠᠮᠤᠨ ᠤ ᠬᠠᠷᠢᠯᠴᠠᠭᠠᠨ ᠤ ᠬᠣᠯᠪᠣᠭᠠᠨ ᠤ ᠪᠣᠳᠣᠯᠭ᠎ᠠ ᠶᠢᠨ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭ᠎ᠠ ᠬ ∙ ᠡᠩᠬᠡᠮᠠᠩᠯᠠᠢ ᠲᠠᠢ ᠶᠠᠷᠢᠯᠴᠠᠯ᠎ᠠ᠃
ᠨᠠᠮ ᠣᠷᠪᠢᠲ ᠭᠡᠵᠦ ᠤᠤ ᠪᠤᠢ?
ᠨᠠᠮ ᠣᠷᠪᠢᠲ ᠤᠨ ᠲᠤᠬᠠᠢ ᠪᠢᠳᠡᠨ ᠳᠦ ᠲᠣᠪᠴᠢ ᠲᠠᠶᠢᠯᠪᠤᠷᠢᠯᠠᠵᠤ ᠥᠭᠭᠦᠭᠡᠴᠢ?
ᠨᠠᠮ ᠣᠷᠪᠢᠲ ᠤᠨ ᠬᠢᠮᠡᠯ ᠳᠠᠭᠠᠭᠤᠯᠢ ᠶᠢᠨ ᠦᠢᠯᠡᠴᠢᠯᠡᠭᠡ ᠭᠡᠬᠦ ᠪᠡᠷ ᠬᠦᠮᠦᠰ ᠲᠡᠳᠦᠶᠢᠯᠡᠨ ᠨᠠᠷᠢᠨ ᠢᠯᠭᠠᠵᠤ ᠤᠶᠢᠯᠠᠭᠠᠬᠤ ᠨᠢ ᠪᠠᠭ᠎ᠠ᠃ ᠶᠠᠭᠤᠨ ᠤ ᠡᠮᠦᠨ᠎ᠡ ᠤᠭ ᠣᠶᠢᠯᠠᠭᠠᠯᠲᠠ ᠶᠢ ᠲᠠᠶᠢᠯᠪᠤᠷᠢᠯᠠᠶ᠎ᠠ᠃ ᠮᠠᠨ ᠤ ᠳᠡᠯᠡᠬᠡᠢ ᠶᠢ ᠲᠣᠭᠣᠷᠢᠭᠰᠠᠨ ᠬᠢᠮᠡᠯ ᠳᠠᠭᠠᠭᠤᠯᠢ ᠶᠢᠨ 3 ᠲᠣᠭᠣᠷᠢᠭ ᠵᠠᠮ (oᠷᠪᠢᠲ) ᠪᠠᠶᠢᠳᠠᠭ ᠪᠥᠭᠡᠳ ᠲᠡᠭᠦᠨ ᠦ ᠬᠠᠮᠤᠭ ᠤᠨ ᠨᠠᠭᠠᠨ᠎ᠠ ᠪᠤᠶᠤ ᠳᠡᠯᠡᠬᠡᠢ ᠡᠴᠡ 550 ᠣᠷᠴᠢᠮ ᠺᠮ ᠤᠨ ᠵᠠᠢ ᠶᠢᠨ ᠳᠤ ᠣᠷᠣᠰᠢᠬᠤ ᠲᠣᠭᠣᠷᠢᠭ ᠵᠠᠮ ᠢ 《ᠨᠠᠮ ᠣᠷᠪᠢᠲ》 (LEO) ᠭᠡᠵᠦ ᠨᠡᠷᠡᠯᠡᠳᠡᠭ᠃ ᠰᠠᠶ᠋ᠢᠬᠠᠨ ᠢ ᠬᠦᠷᠲᠡᠯ᠎ᠡ ᠶᠡᠬᠡᠩᠬᠢ ᠤᠯᠤᠰ ᠣᠷᠣᠨ ᠨᠤᠭᠤᠳ ᠳᠡᠯᠡᠬᠡᠢ ᠶᠢᠨ ᠬᠠᠮᠤᠭ ᠤᠨ ᠠᠯᠤᠰ ᠪᠤᠶᠤ 35᠂000 ᠺᠢᠯᠣᠮᠧᠲ᠋ᠷ ᠵᠠᠢ ᠳᠤ ᠣᠷᠣᠰᠢᠬᠤ (GEO) ᠣᠷᠪᠢᠲ ᠳᠡᠭᠡᠷ᠎ᠡ ᠬᠢᠮᠡᠯ ᠳᠠᠭᠠᠭᠤᠯᠢ ᠨᠤᠭᠤᠳ ᠢᠶᠠᠨ ᠪᠠᠶᠢᠷᠢᠰᠢᠭᠤᠯᠵᠤ ᠪᠠᠶᠢᠭᠰᠠᠨ ᠪᠥᠭᠡᠳ ᠡᠨᠡ ᠨᠢ ᠲᠣᠳᠣᠷᠬᠠᠢ ᠰᠢᠯᠲᠠᠭᠠᠨ ᠲᠠᠢ ᠪᠠᠶᠢᠭᠰᠠᠨ᠃ ᠤᠴᠢᠷ ᠨᠢ ᠨᠠᠭᠠᠨ᠎ᠠ ᠣᠷᠣᠰᠢᠬᠤ ᠨᠠᠮ ᠣᠷᠪᠢᠲ ᠢ ᠠᠰᠢᠭᠯᠠᠬᠤ ᠶᠢᠨ ᠲᠤᠯᠠᠳᠠ ᠮᠠᠰᠢ ᠣᠯᠠᠨ ᠲᠣᠭᠠᠨ ᠤ ᠬᠢᠮᠡᠯ ᠳᠠᠭᠠᠭᠤᠯᠢ ᠪᠠᠶᠢᠷᠢᠰᠢᠭᠤᠯᠬᠤ ᠱᠠᠭᠠᠷᠳᠠᠯᠭ᠎ᠠ ᠭᠠᠷᠴᠤ᠂ ᠡᠨᠡ ᠨᠢ ᠬᠥᠭᠡᠷᠭᠡᠯᠲᠡ ᠶᠢᠨ ᠵᠠᠷᠤᠳᠠᠯ ᠥᠨᠳᠦᠷ᠂ ᠬᠢᠮᠡᠯ ᠳᠠᠭᠠᠭᠤᠯᠢ ᠶᠢᠨ ᠠᠮᠢᠳᠤᠷᠠᠬᠤ ᠬᠤᠭᠤᠴᠠᠭ᠎ᠠ ᠪᠠᠭ᠎ᠠ ᠭᠡᠬᠦ ᠵᠡᠷᠭᠡ ᠰᠢᠯᠲᠠᠭᠠᠨ ᠤ ᠤᠯᠠᠮ ᠠᠴᠠ ᠪᠣᠳᠠᠲᠤ ᠠᠵᠢᠯ ᠪᠣᠯᠬᠤ ᠳᠤ ᠬᠦᠨᠳᠦᠷᠡᠯ ᠲᠡᠢ ᠪᠠᠶᠢᠯ᠎ᠠ᠃ ᠡᠭᠦᠨ ᠢ 《SpaceX》 ᠺᠣᠮᠫᠠᠨᠢ ᠰᠢᠢᠳᠪᠦᠷᠢᠯᠡᠭᠰᠡᠨ ᠢᠶᠡᠷ ᠨᠠᠮ ᠣᠷᠪᠢᠲ ᠤᠨ ᠣᠷᠴᠢᠨ ᠢ ᠰᠢᠨ᠎ᠡ ᠥᠷᠢᠰᠦᠯᠳᠦᠭᠡᠨ ᠦ ᠲᠠᠯᠠᠪᠤᠷ ᠪᠣᠯᠭᠠᠵᠤ ᠴᠢᠳᠠᠭᠰᠠᠨ ᠶᠤᠮ᠃ ᠲᠡᠳᠡ ᠬᠢᠮᠡᠯ ᠳᠠᠭᠠᠭᠤᠯᠢ ᠳᠤ ᠮᠠᠰ ᠦᠢᠯᠡᠳᠪᠦᠷᠢᠯᠡᠯ ᠢ ᠨᠡᠪᠲᠡᠷᠡᠭᠦᠯᠵᠦ᠂ ᠥᠪᠡᠷ ᠦᠨ ᠰᠠᠨᠰᠠᠷ ᠤᠨ ᠬᠥᠯᠥᠭ ᠢᠶᠡᠷ ᠬᠠᠷᠢᠴᠠᠩᠭᠤᠢ ᠪᠠᠭ᠎ᠠ ᠵᠠᠷᠤᠳᠠᠯ ᠢᠶᠠᠷ ᠬᠥᠭᠡᠷᠭᠡᠵᠦ᠂ ᠳᠡᠯᠡᠬᠡᠢ ᠶᠢ ᠪᠥᠷᠬᠥᠬᠦ ᠰᠦᠯᠵᠢᠶ᠎ᠡ ᠡᠭᠦᠰᠬᠡᠬᠦ ᠡᠬᠢᠯᠡᠯ ᠢ ᠲᠠᠯᠪᠢᠭᠰᠠᠨ ᠨᠢ ᠡᠨᠡ ᠰᠠᠯᠪᠤᠷᠢ ᠶᠢᠨ ᠪᠤᠰᠤᠳ ᠲᠣᠭᠯᠠᠭᠴᠢᠳ ᠢ ᠰᠡᠷᠢᠭᠡᠭᠰᠡᠨ ᠭᠡᠬᠦ ᠳᠦ ᠪᠣᠯᠤᠨ᠎ᠠ᠃

ᠮᠣᠩᠭᠣᠯ ᠤᠯᠤᠰ ᠲᠤ ᠨᠠᠮ ᠣᠷᠪᠢᠲ ᠤᠨ ᠲᠠᠯᠠᠪᠤᠷ ᠲᠤ 《ᠰᠲ᠋ᠠᠷᠯᠢᠨᠺ》 ᠺᠣᠮᠫᠠᠨᠢ ᠶᠢᠨ ᠨᠡᠷ᠎ᠡ ᠶᠡᠬᠡ ᠶᠠᠷᠢᠭᠳᠠᠳᠠᠭ᠃ ᠪᠢᠳᠡ ᠡᠨᠡ ᠰᠠᠯᠪᠤᠷᠢ ᠶᠢᠨ ᠪᠤᠰᠤᠳ ᠲᠣᠭᠯᠠᠭᠴᠢᠳ ᠤᠨ ᠲᠤᠬᠠᠢ ᠲᠡᠳᠦᠶᠢᠯᠡᠨ ᠮᠡᠳᠡᠭᠡᠯᠡᠯ ᠦᠭᠡᠢ ᠪᠠᠶᠢᠨ᠎ᠠ᠃ ᠮᠠᠨ ᠤ ᠣᠷᠣᠨ ᠳᠤ ᠨᠠᠮ ᠣᠷᠪᠢᠲ ᠤᠨ ᠢᠨᠲ᠋ᠧᠷᠨᠡᠲ ᠦᠨ ᠦᠢᠯᠡᠴᠢᠯᠡᠭᠡ ᠨᠡᠪᠲᠡᠷᠡᠭᠰᠡᠨ ᠢᠶᠡᠷ ᠶᠠᠮᠠᠷ ᠪᠣᠯᠤᠮᠵᠢ ᠪᠤᠢ ᠪᠣᠯᠬᠤ ᠪᠤᠢ?

ᠡᠨᠡ ᠰᠠᠯᠪᠤᠷᠢ ᠳᠤ ᠳᠡᠯᠡᠬᠡᠢ ᠨᠡᠶᠢᠲᠡ ᠪᠡᠷ ᠢᠶᠡᠨ ᠰᠲ᠋ᠠᠷᠯᠢᠨᠺ ᠺᠣᠮᠫᠠᠨᠢ ᠶᠢ ᠬᠠᠮᠤᠭ ᠤᠨ ᠰᠠᠶᠢᠨ ᠮᠡᠳᠡᠳᠡᠭ ᠴᠤ ᠢᠵᠢᠯ ᠲᠥᠰᠲᠡᠢ ᠦᠢᠯᠡ ᠠᠵᠢᠯᠯᠠᠭ᠎ᠠ ᠶᠢ ᠶᠠᠪᠤᠭᠤᠯᠵᠤ ᠪᠤᠢ ᠺᠣᠮᠫᠠᠨᠢ ᠨᠤᠭᠤᠳ ᠵᠢᠯ ᠡᠴᠡ ᠵᠢᠯ ᠳᠦ ᠨᠡᠮᠡᠭᠳᠡᠭᠰᠡᠭᠡᠷ ᠪᠠᠶᠢᠨ᠎ᠠ᠃ ᠡᠭᠦᠨ ᠳᠦ Oneweb᠂ Amazon᠂ Kepler᠂ Telesat᠂ GalaxySpace᠂ GlobalStar᠂ Inmarsat᠂ Iridium᠂ LynkGlobal ᠵᠡᠷᠭᠡ ᠲᠣᠭᠯᠠᠭᠴᠢᠳ ᠪᠠᠶᠢᠭ᠎ᠠ ᠪᠠ ᠮᠠᠨ ᠤ ᠤᠯᠤᠰ ᠤᠨ Ondosat ᠺᠣᠮᠫᠠᠨᠢ ᠴᠤ ᠡᠨᠡᠬᠦ ᠲᠣᠮᠣᠬᠠᠨ ᠵᠠᠬ᠎ᠠ ᠵᠡᠭᠡᠯᠢ ᠷᠦᠦ ᠣᠷᠣᠬᠤ ᠪᠠᠷ ᠠᠵᠢᠯ ᠢᠶᠠᠨ ᠡᠬᠢᠯᠡᠭᠦᠯᠦᠭᠡᠳ ᠪᠠᠶᠢᠨ᠎ᠠ᠃ ᠮᠣᠩᠭᠣᠯ ᠤᠯᠤᠰ ᠳᠦ ᠨᠠᠮ ᠣᠷᠪᠢᠲ ᠤᠨ ᠦᠢᠯᠡᠴᠢᠯᠡᠭᠡ ᠡᠷᠬᠢᠯᠡᠭᠴᠢ ᠣᠷᠣᠵᠤ ᠢᠷᠡᠭᠰᠡᠨ ᠢᠶᠡᠷ ᠥᠷᠭᠡᠨ ᠠᠭᠤᠳᠠᠮ ᠭᠠᠵᠠᠷ ᠨᠤᠲᠤᠭ ᠲᠤ ᠪᠠᠨ ᠬᠦᠮᠦᠨ ᠠᠮᠠ ᠨᠢ ᠲᠠᠷᠬᠠᠨ ᠰᠠᠭᠤᠷᠢᠰᠢᠭᠰᠠᠨ ᠣᠨᠴᠠᠯᠢᠭ ᠲᠠᠢ ᠣᠷᠣᠨ ᠤ ᠬᠤᠪᠢ ᠳᠤ ᠠᠯᠤᠰᠯᠠᠭᠳᠠᠭᠰᠠᠨ ᠪᠥᠰᠡ ᠨᠤᠲᠤᠭ ᠤᠨ ᠢᠷᠭᠡᠳ ᠲᠦ ᠢᠨᠲ᠋ᠧᠷᠨᠡᠲ ᠦᠨ ᠦᠢᠯᠡᠴᠢᠯᠡᠭᠡ ᠶᠢ ᠬᠦᠷᠭᠡᠬᠦ ᠳᠠᠪᠠᠭᠤ ᠲᠠᠯ᠎ᠠ ᠡᠭᠦᠰᠦᠨ᠎ᠡ᠃ ᠬᠡᠳᠦᠢ ᠪᠡᠷ ᠪᠢᠳᠡ 328 ᠰᠤᠮᠤ ᠰᠠᠭᠤᠷᠢᠨ ᠢ ᠰᠢᠯᠢᠨ ᠺᠠᠪᠧᠯ ᠤᠨ ᠰᠦᠯᠵᠢᠶᠡᠨ ᠳᠦ ᠬᠣᠯᠪᠣᠭᠰᠠᠨ ᠴᠤ 4G ᠦᠢᠯᠡᠴᠢᠯᠡᠭᠡ ᠨᠡᠪᠲᠡᠷᠡᠭᠡ ᠦᠭᠡᠢ ᠪᠠᠭ ᠤᠳ ᠪᠠᠶᠢᠭᠰᠠᠭᠠᠷ ᠪᠠᠶᠢᠨ᠎ᠠ᠃ 400 ᠣᠷᠴᠢᠮ ᠠᠯᠤᠰᠯᠠᠭᠳᠠᠭᠰᠠᠨ ᠪᠠᠭ ᠰᠦᠯᠵᠢᠶᠡᠨ ᠳᠦ ᠬᠣᠯᠪᠣᠭᠳᠠᠵᠤ ᠠᠮᠵᠢᠭ᠎ᠠ ᠦᠭᠡᠢ ᠪᠠᠶᠢᠭ᠎ᠠ᠃ ᠤᠭ ᠠᠰᠠᠭᠤᠳᠠᠯ ᠳᠡᠭᠡᠷᠡᠬᠢ ᠲᠧᠭᠨᠣᠯᠣᠭᠢ ᠪᠠᠷ ᠰᠢᠢᠳᠦᠭᠳᠡᠬᠦ ᠪᠣᠯᠤᠮᠵᠢ ᠲᠠᠢ ᠴᠤ ᠪᠣᠳᠠᠲᠤ ᠪᠠᠶᠢᠳᠠᠯ ᠳᠡᠭᠡᠷ᠎ᠡ ᠡᠨᠡ ᠴᠢᠭᠯᠡᠯ ᠦᠨ ᠦᠢᠯᠡᠴᠢᠯᠡᠭᠡ ᠡᠷᠬᠢᠯᠡᠭᠴᠢᠳ ᠦᠨ ᠦᠨ᠎ᠡ ᠲᠠᠷᠢᠪ ᠬᠡᠲᠦ ᠥᠨᠳᠥᠷ ᠪᠠᠶᠢᠨ᠎ᠠ᠃ ᠵᠢᠱᠢᠶ᠎ᠡ ᠨᠢ ᠰᠲ᠋ᠠᠷᠯᠢᠨᠺ ᠺᠣᠮᠫᠠᠨᠢ ᠶᠢᠨ ᠢᠨᠲ᠋ᠧᠷᠨᠡᠲ ᠦᠢᠯᠡᠴᠢᠯᠡᠭᠡᠨ ᠦ ᠣᠳᠣ ᠶᠢᠨ ᠦᠨ᠎ᠡ ᠲᠠᠷᠢᠪ ᠬᠡᠲᠦ ᠥᠨᠳᠦᠷ ᠪᠠᠶᠢᠨ᠎ᠠ᠃ ᠡᠩ ᠦᠨ ᠲᠣᠭᠠᠴᠠᠭ᠎ᠠ ᠬᠢᠵᠦ ᠦᠵᠡᠬᠦ ᠳᠦ ᠮᠠᠯᠴᠢᠨ ᠠᠶᠢᠯ 2 ᠰᠠᠶ᠎ᠠ ᠣᠷᠴᠢᠮ ᠲᠥᠭᠥᠷᠢᠭ ᠢᠶᠡᠷ ᠢᠨᠲ᠋ᠧᠷᠨᠡᠲ ᠬᠦᠯᠢᠶᠡᠨ ᠠᠪᠬᠤ ᠲᠥᠬᠥᠭᠡᠷᠦᠮᠵᠢ ᠬᠤᠳᠠᠯᠳᠤᠨ ᠠᠪᠤᠭᠠᠳ ᠡᠭᠦᠨ ᠦ ᠳᠠᠷᠠᠭ᠎ᠠ ᠰᠠᠷ᠎ᠠ ᠪᠦᠷᠢ ᠣᠶᠢᠷᠠᠯᠴᠠᠭ᠎ᠠ ᠪᠠᠷ 380.000 ᠲᠥᠭᠥᠷᠢᠭ ᠦᠨ ᠬᠡᠷᠡᠭᠯᠡᠭᠡᠨ ᠦ ᠲᠥᠯᠥᠪᠦᠷᠢ ᠳᠦ ᠤᠯᠭᠤᠬᠤ ᠱᠠᠭᠠᠷᠳᠠᠯᠭ᠎ᠠ ᠡᠭᠦᠰᠬᠦ ᠶᠤᠮ᠃ ᠢᠷᠡᠭᠡᠳᠦᠢ ᠳᠦ ᠴᠢᠯᠦᠭᠡᠲᠦ ᠥᠷᠢᠰᠦᠯᠳᠦᠭᠡᠨ ᠦ ᠵᠠᠷᠴᠢᠮ ᠢᠶᠠᠷ ᠡᠨᠡ ᠦᠨ᠎ᠡ ᠪᠠᠭᠤᠷᠠᠬᠤ ᠪᠣᠯᠤᠮᠵᠢ ᠲᠠᠢ ᠭᠡᠵᠦ ᠬᠠᠷᠠᠵᠤ ᠪᠠᠶᠢᠨ᠎ᠠ᠃ ᠲᠡᠶᠢᠮᠦ ᠡᠴᠡ ᠴᠠᠬᠢᠮ ᠬᠥᠭᠵᠢᠯ ᠬᠠᠷᠢᠯᠴᠠᠭ᠎ᠠ ᠬᠣᠯᠪᠣᠭᠠᠨ ᠤ ᠶᠠᠮᠤ ᠡᠨᠡ ᠲᠠᠯᠠᠪᠤᠷ ᠲᠤ ᠵᠠᠬ᠎ᠠ ᠵᠡᠭᠡᠯᠢ ᠶᠢᠨ ᠥᠷᠢᠰᠦᠯᠳᠦᠭᠡᠨ ᠢ ᠳᠡᠮᠵᠢᠨ᠎ᠡ᠃

ᠣᠯᠠᠨ ᠤᠯᠤᠰ ᠳᠦ ᠡᠨᠡ ᠵᠠᠬ᠎ᠠ ᠵᠡᠭᠡᠯᠢ ᠳᠦ ᠥᠷᠢᠰᠦᠯᠳᠦᠭᠡᠨ ᠶᠠᠮᠠᠷ ᠲᠦᠪᠰᠢᠨ ᠳᠦ ᠪᠠᠶᠢᠳᠠᠭ ᠪᠤᠢ? ᠮᠠᠨ ᠤ ᠤᠯᠤᠰ ᠪᠣᠳᠣᠯᠭ᠎ᠠ ᠪᠠᠷ ᠬᠡᠷᠬᠢᠨ ᠳᠡᠮᠵᠢᠵᠦ ᠪᠠᠶᠢᠭ᠎ᠠ ᠪᠤᠢ?

ᠣᠳᠣ ᠪᠠᠷ ᠳᠡᠯᠡᠬᠡᠢ ᠶᠢᠨ ᠬᠢᠮᠡᠯ ᠳᠠᠭᠠᠭᠤᠯᠢ ᠶᠢᠨ ᠪᠦᠲᠦᠭᠡᠭᠳᠡᠬᠦᠨ ᠦᠢᠯᠡᠴᠢᠯᠡᠭᠡᠨ ᠦ ᠨᠡᠶᠢᠲᠡ ᠵᠠᠬ᠎ᠠ ᠵᠡᠭᠡᠯᠢ ᠶᠢᠨ ᠪᠠᠭᠲᠠᠭᠠᠮᠵᠢ 380 ᠲᠡᠷᠪᠤᠮ ᠠᠮᠠ.ᠳ᠋ᠣᠯᠯᠠᠷ ᠪᠠᠶᠢᠭ᠎ᠠ ᠪᠠ 2040 ᠣᠨ ᠭᠡᠬᠦ ᠳᠦ 1᠂2 ᠶᠡᠬᠡ ᠨᠠᠶᠤᠳ ᠳ᠋ᠣᠯᠯᠠᠷ ᠪᠣᠯᠵᠤ ᠦᠰᠬᠦ ᠲᠥᠯᠥᠪᠲᠡᠢ ᠪᠠᠶᠢᠭ᠎ᠠ ᠨᠢ ᠡᠨᠡ ᠵᠠᠬ᠎ᠠ ᠵᠡᠭᠡᠯᠢ ᠳᠦ ᠠᠰᠤᠷᠤ ᠶᠡᠬᠡ ᠪᠣᠯᠤᠮᠵᠢ ᠪᠤᠢ ᠶᠢ ᠬᠠᠷᠠᠭᠤᠯᠵᠤ ᠪᠠᠶᠢᠨ᠎ᠠ᠃ ᠰᠡᠭᠦᠯ ᠦᠨ ᠵᠢᠯ ᠦᠳ ᠲᠦ ᠤᠯᠤᠰ ᠣᠷᠣᠨ ᠨᠤᠭᠤᠳ ᠡᠨᠡᠬᠦ ᠨᠠᠮ ᠣᠷᠪᠢᠲ ᠤᠨ ᠦᠢᠯᠡᠴᠢᠯᠡᠭᠡ ᠡᠷᠬᠢᠯᠡᠭᠴᠢᠳ ᠲᠦ ᠵᠣᠷᠢᠭᠤᠯᠵᠤ ᠪᠣᠳᠣᠯᠭ᠎ᠠ᠂ ᠡᠷᠬᠡᠵᠦᠢ ᠶᠢᠨ ᠣᠷᠴᠢᠨ ᠢᠶᠠᠨ ᠲᠣᠳᠣᠷᠬᠠᠢ ᠪᠣᠯᠭᠠᠬᠤ ᠴᠢᠭᠯᠡᠯ ᠦᠨ ᠠᠵᠢᠯ ᠤᠳ ᠢ ᠬᠢᠭᠰᠡᠭᠡᠷ ᠪᠠᠶᠢᠨ᠎ᠠ᠃ ᠮᠠᠨ ᠤ ᠤᠯᠤᠰ ᠤᠨ ᠬᠤᠪᠢ ᠳᠤ ᠴᠤ 2022 ᠣᠨ ᠠᠴᠠ ᠡᠷᠬᠡᠵᠦᠢ ᠶᠢᠨ ᠣᠷᠴᠢᠨ ᠢ ᠪᠦᠷᠢᠳᠦᠭᠦᠯᠬᠦ ᠴᠢᠭᠯᠡᠯ ᠢᠶᠡᠷ ᠠᠵᠢᠯᠯᠠᠵᠤ ᠡᠬᠢᠯᠡᠭᠰᠡᠨ ᠪᠥᠭᠡᠳ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ ᠨᠢ 2022 ᠣᠨ ᠤ ᠳᠥᠷᠪᠡᠳᠦᠭᠡᠷ ᠰᠠᠷ᠎ᠠ ᠶᠢᠨ 11 ᠍ ᠦ ᠡᠳᠦᠷ 《ᠨᠠᠮ ᠣᠷᠪᠢᠲ ᠤᠨ ᠬᠢᠮᠡᠯ ᠳᠠᠭᠠᠭᠤᠯᠢ ᠶᠢᠨ ᠰᠦᠯᠵᠢᠶ᠎ᠡ ᠠᠰᠢᠭᠯᠠᠬᠤ ᠳᠤ ᠪᠠᠷᠢᠮᠲᠠᠯᠠᠬᠤ ᠴᠢᠭᠯᠡᠯ》 ᠍ ᠢ ᠪᠠᠲᠤᠯᠠᠭᠰᠠᠨ᠃ ᠡᠨᠡᠬᠦ ᠪᠣᠳᠣᠯᠭ᠎ᠠ ᠪᠠᠲᠤᠯᠠᠭᠳᠠᠭᠰᠠᠨ ᠤ ᠳᠠᠷᠠᠭ᠎ᠠ 5 ᠳ᠋ᠤᠭᠠᠷ ᠰᠠᠷ᠎ᠠ ᠶᠢᠨ 13 ᠍ ᠤ ᠡᠳᠦᠷ Starlink ᠺᠣᠮᠫᠠᠨᠢ ᠶᠢᠨ ᠠᠯᠪᠠᠨ ᠶᠣᠰᠣᠨ ᠤ ᠸᠧᠪ ᠬᠠᠭᠤᠳᠠᠰᠤᠨ ᠳᠤ ᠲᠤᠩ ᠤᠳᠤᠬᠤ ᠦᠭᠡᠢ ᠦᠢᠯᠡᠴᠢᠯᠡᠭᠡ ᠪᠡᠨ ᠤᠷᠤᠭᠤᠯᠬᠤ ᠣᠷᠣᠨ ᠨᠤᠭᠤᠳ ᠤᠨ ᠵᠢᠭᠰᠠᠭᠠᠯᠲᠠ ᠳᠤ ᠮᠣᠩᠭᠣᠯ ᠤᠯᠤᠰ ᠢ ᠪᠠᠭᠲᠠᠭᠠᠵᠤ ᠴᠡᠩᠬᠡᠷ ᠥᠩᠭᠡ ᠪᠡᠷ ᠲᠡᠮᠳᠡᠭᠯᠡᠭᠰᠡᠨ ᠪᠠᠶᠢᠳᠠᠭ᠃ ᠡᠭᠦᠨ ᠦ ᠳᠠᠷᠠᠭ᠎ᠠ 2022 ᠣᠨ ᠤ 9 ᠰᠠᠷ᠎ᠠ ᠳᠤ ᠲᠤᠰ ᠶᠠᠮᠤᠨ ᠤ ᠤᠳᠤᠷᠢᠳᠤᠯᠭ᠎ᠠ ᠨᠤᠭᠤᠳ ᠰᠲ᠋ᠠᠷᠯᠢᠨᠺ ᠺᠣᠮᠫᠠᠨᠢ ᠶᠢᠨ ᠤᠳᠤᠷᠢᠳᠤᠯᠭ᠎ᠠ ᠨᠤᠭᠤᠳ ᠲᠠᠢ ᠠᠭᠤᠯᠵᠠᠯᠲᠠ ᠬᠢᠵᠦ᠂ ᠮᠣᠩᠭᠣᠯ ᠤᠯᠤᠰ ᠤᠨ ᠡᠷᠬᠡᠵᠦᠢ ᠶᠢᠨ ᠣᠷᠴᠢᠨ᠂ ᠪᠣᠳᠣᠯᠭ᠎ᠠ ᠶᠢᠨ ᠪᠠᠷᠢᠮᠲᠠ ᠪᠢᠴᠢᠭ ᠦᠨ ᠲᠠᠯ᠎ᠠ ᠪᠠᠷ ᠲᠠᠨᠢᠯᠴᠠᠭᠤᠯᠵᠤ᠂ ᠮᠣᠩᠭᠣᠯ ᠤᠯᠤᠰ ᠰᠲ᠋ᠠᠷᠯᠢᠨᠺ ᠺᠣᠮᠫᠠᠨᠢ ᠶᠢᠨ ᠦᠢᠯᠡᠴᠢᠯᠡᠭᠡ ᠶᠢ ᠨᠡᠪᠲᠡᠷᠡᠭᠦᠯᠬᠦ ᠳᠦ ᠬᠡᠵᠢᠶᠡᠳᠡ ᠨᠡᠭᠡᠭᠡᠯᠲᠡ ᠲᠡᠢ ᠭᠡᠳᠡᠭ ᠢᠶᠡᠨ ᠢᠯᠡᠷᠬᠡᠶᠢᠯᠡᠭᠰᠡᠨ᠃ ᠮᠣᠩᠭᠣᠯ ᠤᠯᠤᠰ ᠲᠤ ᠢᠨᠲ᠋ᠧᠷᠨᠡᠲ ᠦᠨ ᠦᠢᠯᠡᠴᠢᠯᠡᠭᠡ ᠡᠷᠬᠢᠯᠡᠬᠦ ᠵᠥᠪᠰᠢᠶᠡᠷᠡᠯ ᠣᠯᠭᠤᠬᠤ ᠠᠰᠠᠭᠤᠳᠠᠯ ᠢ ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶ᠎ᠠ ᠬᠠᠷᠢᠭᠤᠴᠠᠳᠠᠭ ᠪᠥᠭᠡᠳ ᠰᠲ᠋ᠠᠷᠯᠢᠨᠺ ᠺᠣᠮᠫᠠᠨᠢ ᠶᠢᠨ ᠬᠤᠪᠢ ᠳᠤ ᠣᠳᠣ ᠪᠠᠷ ᠲᠤᠰ ᠭᠠᠵᠠᠷ ᠲᠤ ᠠᠯᠪᠠᠨ ᠶᠣᠰᠣᠭᠠᠷ ᠬᠦᠰᠡᠯᠲᠦ ᠪᠡᠨ ᠬᠠᠷᠠᠬᠠᠨ ᠢᠷᠡᠭᠦᠯᠦᠭᠡ ᠦᠭᠡᠢ ᠪᠠᠶᠢᠨ᠎ᠠ᠃

ᠨᠠᠮ ᠣᠷᠪᠢᠲ ᠤᠨ ᠪᠣᠳᠣᠯᠭ᠎ᠠ ᠶᠢᠨ ᠪᠠᠷᠢᠮᠲᠠ ᠪᠢᠴᠢᠭ ᠢ ᠪᠠᠲᠤᠯᠠᠬᠤ ᠳᠤ ᠪᠠᠨ ᠶᠠᠮᠠᠷ ᠵᠠᠷᠴᠢᠮ ᠪᠠᠷᠢᠮᠲᠠᠯᠠᠭᠰᠠᠨ ᠪᠤᠢ?

ᠳᠡᠯᠡᠬᠡᠢ ᠨᠡᠶᠢᠲᠡ ᠳᠦ ᠬᠠᠷᠢᠯᠴᠠᠭ᠎ᠠ ᠬᠣᠯᠪᠣᠭᠠᠨ ᠤ ᠰᠦᠯᠵᠢᠶ᠎ᠡ᠂ ᠦᠢᠯᠡᠴᠢᠯᠡᠭᠡ᠂ ᠢᠨᠲ᠋ᠧᠷᠨᠡᠲ ᠦᠨ ᠪᠥᠭᠡᠨ ᠦ ᠤᠷᠤᠰᠬᠠᠯ᠂ ᠢᠨᠲ᠋ᠧᠷᠨᠡᠲ ᠦᠨ ᠵᠢᠵᠢᠭᠯᠡᠩ ᠦᠨ ᠦᠢᠯᠡᠴᠢᠯᠡᠭᠡ ᠡᠷᠬᠢᠯᠡᠭᠴᠢ ᠠᠵᠤ ᠠᠬᠤᠢ ᠶᠢᠨ ᠨᠢᠭᠡᠴᠡ ᠨᠦᠭᠦᠳ ᠨᠢ ᠲᠤᠰ ᠲᠤᠰ ᠲᠤ ᠪᠠᠨ ᠦᠢᠯᠡᠴᠢᠯᠡᠭᠡ ᠡᠷᠬᠢᠯᠡᠬᠦ ᠵᠥᠪᠰᠢᠶᠡᠷᠡᠯ ᠲᠡᠢ ᠪᠠᠶᠢᠳᠠᠭ ᠪᠠ ᠮᠠᠨ ᠤ ᠤᠯᠤᠰ ᠤᠨ ᠬᠤᠪᠢ ᠳᠤ ᠴᠤ ᠡᠨᠡᠬᠦ ᠴᠢᠭ ᠬᠠᠨᠳᠤᠯᠭ᠎ᠠ ᠶᠢ ᠳᠠᠭᠠᠨ ᠬᠥᠭᠵᠢᠵᠦ ᠢᠷᠡᠭᠰᠡᠨ ᠲᠡᠦᠬᠡ ᠲᠡᠢ᠃ ᠨᠠᠮ ᠣᠷᠪᠢᠲ ᠤᠨ ᠪᠣᠳᠣᠯᠭ᠎ᠠ ᠶᠢᠨ ᠴᠢᠭᠯᠡᠯ ᠴᠤ ᠮᠥᠨ ᠤᠭ ᠪᠣᠳᠣᠯᠭ᠎ᠠ ᠲᠠᠢ ᠤᠶᠠᠯᠳᠤᠨ ᠭᠠᠷᠤᠭᠰᠠᠨ᠃ ᠥᠭᠡᠷ᠎ᠡ ᠪᠡᠷ ᠬᠡᠯᠡᠪᠡᠯ ᠪᠢᠳᠡ ᠨᠡᠶᠢᠲᠡ ᠨᠤᠲᠤᠭ ᠳᠡᠪᠢᠰᠬᠡᠷ ᠢ ᠬᠠᠮᠤᠷᠤᠭᠰᠠᠨ ᠰᠢᠯᠢᠨ ᠺᠠᠪᠧᠯ ᠤᠨ ᠰᠠᠭᠤᠷᠢ ᠰᠦᠯᠵᠢᠶ᠎ᠡ᠂ ᠭᠠᠳᠠᠨ᠎ᠠ ᠠᠴᠠ ᠮᠠᠨ ᠤ ᠤᠯᠤᠰ ᠲᠤ ᠣᠷᠣᠵᠤ ᠢᠷᠡᠵᠦ ᠪᠤᠢ ᠢᠨᠲ᠋ᠧᠷᠨᠡᠲ ᠦᠨ ᠪᠥᠭᠡᠨ ᠦ ᠦᠢᠯᠡᠴᠢᠯᠡᠭᠡ᠂ ᠰᠢᠯᠢᠨ ᠺᠠᠪᠧᠯ ᠤᠨ ᠰᠠᠭᠤᠷᠢ ᠰᠦᠯᠵᠢᠶ᠎ᠡ ᠶᠢ ᠠᠰᠢᠭᠯᠠᠨ ᠢᠷᠭᠡᠳ ᠲᠦ ᠬᠦᠷᠴᠦ ᠪᠤᠢ ᠡᠷᠦᠬᠡ ᠶᠢᠨ ᠢᠨᠲ᠋ᠧᠷᠨᠡᠲ ᠦᠨ ᠦᠢᠯᠡᠴᠢᠯᠡᠭᠡ᠂ ᠪᠢᠳᠡᠨ ᠦ ᠭᠠᠷ ᠤᠲᠠᠰᠤᠨ ᠳᠤ ᠢᠷᠡᠵᠦ ᠪᠤᠢ ᠮᠣᠪᠠᠶᠢᠯ ᠢᠨᠲ᠋ᠧᠷᠨᠡᠲ ᠵᠡᠷᠭᠡ ᠨᠢ ᠲᠤᠰ ᠲᠤᠰ ᠲᠤ ᠪᠠᠨ ᠵᠥᠪᠰᠢᠶᠡᠷᠡᠯ ᠪᠦᠬᠦᠢ ᠦᠢᠯᠡ ᠠᠵᠢᠯᠯᠠᠭ᠎ᠠ ᠭᠡᠳᠡᠭ ᠢ ᠰᠠᠯᠭᠠᠵᠤ ᠤᠶᠢᠯᠠᠭᠠᠬᠤ ᠬᠡᠷᠡᠭᠲᠡᠢ ᠶᠤᠮ᠃ ᠮᠣᠩᠭᠣᠯ ᠤᠯᠤᠰ ᠨᠢ ᠢᠨᠲ᠋ᠧᠷᠨᠡᠲ ᠦᠨ ᠦᠨ᠎ᠡ ᠲᠠᠷᠢᠹ ᠤᠨ ᠬᠢᠮᠳᠠ ᠪᠠᠶᠢᠳᠠᠯ ᠢᠶᠠᠷ ᠠᠽᠢᠶ᠎ᠠ ᠳᠤ ᠪᠠᠨ ᠳᠡᠭᠡᠭᠦᠷ ᠲᠦ ᠣᠷᠣᠳᠠᠭ ᠣᠷᠣᠨ ᠪᠠ ᠡᠨᠡ ᠰᠠᠯᠪᠤᠷᠢ ᠶᠢᠨ ᠥᠷᠢᠰᠦᠯᠳᠦᠭᠡᠨ ᠨᠢ ᠮᠥᠨ ᠳᠡᠭᠡᠷᠡᠬᠢ ᠰᠦᠯᠵᠢᠶ᠎ᠡ᠂ ᠦᠢᠯᠡᠴᠢᠯᠡᠭᠡ᠂ ᠪᠥᠭᠡᠨ ᠦ ᠤᠷᠤᠰᠬᠠᠯ᠂ ᠵᠢᠵᠢᠭᠯᠡᠩ ᠦᠨ ᠤᠷᠤᠰᠬᠠᠯ ᠰᠠᠯᠤᠩᠭᠢᠳᠠ ᠪᠠᠶᠢᠬᠤ ᠪᠣᠳᠣᠯᠭ᠎ᠠ ᠵᠣᠬᠢᠴᠠᠭᠤᠯᠤᠯᠲᠠ ᠶᠢᠨ ᠣᠷᠴᠢᠨ ᠤ ᠬᠦᠷᠢᠶᠡᠨ ᠳᠦ ᠥᠨᠥ ᠶᠢᠨ ᠬᠢᠮᠳᠠ ᠦᠨ᠎ᠡ ᠲᠠᠷᠢᠹ ᠢ ᠪᠤᠢ ᠪᠣᠯᠭᠠᠭᠰᠠᠨ ᠪᠠᠶᠢᠳᠠᠭ᠃ ᠡᠭᠦᠨ ᠡᠴᠡ ᠳ᠋ᠦᠩᠨᠡᠬᠦ ᠳᠦ ᠪᠢᠳᠡ ᠨᠠᠮ ᠣᠷᠪᠢᠲ ᠤᠨ ᠦᠢᠯᠡᠴᠢᠯᠡᠭᠡ ᠡᠷᠬᠢᠯᠡᠭᠴᠢᠳ ᠲᠦ ᠵᠣᠷᠢᠭᠤᠯᠵᠤ ᠪᠣᠳᠣᠯᠭ᠎ᠠ᠂ ᠡᠷᠬᠡᠵᠦᠢ ᠶᠢᠨ ᠣᠷᠴᠢᠨ ᠢᠶᠠᠨ ᠪᠦᠷᠢᠳᠦᠭᠦᠯᠦᠭᠰᠡᠨ᠂ ᠡᠨᠡ ᠨᠢ 2005 ᠣᠨ ᠠᠴᠠ ᠬᠣᠶᠢᠰᠢ ᠶᠠᠪᠤᠵᠤ ᠢᠷᠡᠭᠰᠡᠨ ᠬᠠᠷᠢᠯᠴᠠᠭ᠎ᠠ ᠬᠣᠯᠪᠣᠭᠠᠨ ᠤ ᠰᠠᠯᠪᠤᠷᠢ ᠶᠢᠨ ᠪᠣᠳᠣᠯᠭ᠎ᠠ᠂ ᠡᠷᠬᠡᠵᠦᠢ ᠶᠢᠨ ᠣᠷᠴᠢᠨ ᠲᠠᠢ ᠤᠶᠠᠯᠳᠤᠭᠰᠠᠨ᠂ ᠮᠥᠨ ᠴᠢᠭᠯᠡᠯ ᠦᠨ ᠪᠦᠬᠦ ᠺᠣᠮᠫᠠᠨᠢ ᠳᠤ ᠨᠡᠭᠡᠭᠡᠯᠲᠡ ᠲᠡᠢ ᠭᠡᠵᠦ ᠦᠵᠡᠵᠦ ᠪᠣᠯᠬᠤ ᠶᠤᠮ᠃

ᠨᠡᠶᠢᠲᠡᠯᠡᠭᠰᠡᠨ᠄