ᠴᠠ᠊ ᠬᠥᠭ᠊ ᠬᠠ᠊ ᠬᠣᠯ᠊ ᠤ ᠶᠠᠮᠤ᠄ ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠦᠨ ᠡᠰᠡᠷᠡᠭ ᠠᠶᠠᠨ᠂ ᠴᠠᠭᠠᠨ ᠲᠤᠤᠵᠠᠲᠠᠨ ᠬᠥᠳᠡᠯᠭᠡᠭᠡᠨ ᠳᠦ ᠨᠢᠭᠡᠳᠴᠦ ᠪᠠᠶᠢᠨ᠎ᠠ


ᠵᠧᠨᠳᠡᠷ ᠲᠦ ᠰᠠᠭᠤᠷᠢᠯᠠᠭᠰᠠᠨ ᠬᠦᠴᠦᠷᠬᠢᠯᠡᠯ ᠦᠨ (ЖСХ) ᠡᠰᠡᠷᠡᠭ ᠠᠶᠠᠨ ᠨᠢ ᠵᠢᠯ ᠪᠦᠷᠢ ᠶᠢᠨ 11 ᠳ᠋ᠦ᠋ᠭᠡᠷ ᠰᠠᠷ᠎ᠠ ᠶᠢᠨ 25 ᠍ ᠠᠴᠠ (ᠡᠮᠡᠭᠲᠡᠶᠢᠴᠦᠳ ᠦᠨ ᠡᠰᠡᠷᠡᠭ ᠬᠦᠴᠦᠷᠬᠢᠯᠡᠯ ᠢ ᠲᠠᠰᠤᠯᠤᠨ ᠵᠣᠭᠰᠣᠭᠠᠬᠤ ᠡᠳᠦᠷ)᠂ 12 ᠳ᠋ᠤᠭᠠᠷ ᠰᠠᠷ᠎ᠠ ᠶᠢᠨ 10 (ᠬᠦᠮᠦᠨ ᠦ ᠡᠷᠬᠡ ᠶᠢᠨ ᠡᠳᠦᠷ) ᠬᠣᠭᠣᠷᠣᠨᠳᠣ 16 ᠬᠣᠨᠣᠭ ᠤᠨ ᠬᠤᠭᠤᠴᠠᠭᠠᠨ ᠳᠤ ᠦᠷᠭᠦᠯᠵᠢᠯᠡᠨ ᠵᠣᠬᠢᠶᠠᠨ ᠪᠠᠶᠢᠭᠤᠯᠤᠭᠳᠠᠳᠠᠭ᠃

ᠡᠨᠡ ᠵᠢᠯ ᠦᠨ ᠠᠶᠠᠨ ᠤ ᠭᠣᠣᠯ ᠵᠣᠷᠢᠯᠭ᠎ᠠ ᠨᠢ ЖСХ ᠍ ᠶᠢᠨ ᠠᠰᠠᠭᠤᠳᠠᠯ ᠢ ᠴᠢᠬᠤᠯᠠᠴᠢᠯᠠᠨ ᠠᠩᠬ᠎ᠠ ᠪᠠᠷ ᠬᠢ ᠪᠥᠭᠡᠳ 《ᠨᠠᠨᠳᠢᠨ ᠪᠦᠬᠦᠨ ᠢᠶᠡᠨ ᠬᠠᠮᠠᠭᠠᠯᠢᠶ᠎ᠠ᠄ ᠥᠪᠡᠷ ᠢ ᠪᠡᠨ᠂ ᠭᠡᠷ ᠪᠦᠯᠢ ᠪᠡᠨ᠂ ᠣᠷᠴᠢᠨ ᠲᠣᠭᠣᠷᠢᠨ ᠢᠶᠠᠨ》 ᠭᠡᠰᠡᠨ ᠶᠡᠷᠦᠩᠬᠡᠢ ᠰᠡᠳᠦᠪ ᠤᠷᠢᠶᠠᠨ ᠳᠣᠣᠷ᠎ᠠ ᠣᠯᠠᠨ ᠨᠡᠶᠢᠲᠡ ᠶᠢ ᠲᠠᠲᠠᠨ ᠣᠷᠤᠯᠴᠠᠭᠤᠯᠬᠤ᠂ ᠲᠡᠷᠡ ᠳᠤᠮᠳᠠ ᠪᠠᠨ ᠡᠷᠡᠭᠲᠡᠶᠢᠴᠦᠳ᠂ ᠬᠥᠪᠡᠭᠦᠳ ᠲᠦ ᠢᠯᠡᠭᠦᠦ ᠴᠢᠢᠭᠯᠡᠬᠦ ᠶᠤᠮ᠃ ᠮᠥᠨ 《ᠬᠦᠴᠢ ᠪᠡᠨ ᠤᠷᠪᠠᠭᠤ ᠪᠠᠷ ᠪᠢᠰᠢ ᠵᠥᠪ ᠢᠶᠡᠷ ᠠᠰᠢᠭᠯᠠ》᠂ 《ᠡᠷᠬᠢᠮ ᠪᠦᠬᠦᠨ ᠢᠶᠡᠨ ᠨᠠᠨᠳᠢᠩᠨᠠᠶ᠎ᠠ》 ᠤᠷᠢᠭ᠎ᠠ ᠶᠢ ᠦᠢᠯᠡ ᠠᠵᠢᠯᠯᠠᠭᠠᠨ ᠤ ᠣᠨᠴᠠᠯᠢᠭ ᠲᠤ ᠪᠠᠨ ᠨᠡᠶᠢᠴᠡᠭᠦᠯᠦᠨ ᠬᠡᠷᠡᠭᠯᠡᠬᠦ ᠳᠦ ᠴᠢᠭᠯᠡᠵᠦ ᠪᠠᠶᠢᠨ᠎ᠠ᠃

ᠨᠡᠶᠢᠲᠡᠯᠡᠭᠰᠡᠨ᠄