ᠴᠠᠬᠢᠮ ᠰᠢᠯᠵᠢᠯᠲᠡ ᠶᠢ ᠡᠷᠴᠢᠮᠵᠢᠭᠦᠯᠬᠦ ᠳᠦ ᠰᠢᠭᠦᠬᠦ ᠶᠢᠨ ᠵᠠᠬᠢᠷᠭᠠᠨ ᠤ ᠪᠠᠶᠢᠭᠤᠯᠤᠯᠭ᠎ᠠ ᠶᠢᠨ ᠡᠭᠦᠷᠭᠡ᠂ ᠣᠷᠣᠯᠴᠠᠭ᠎ᠠ ᠴᠢᠬᠤᠯᠠ


ᠰᠢᠭᠦᠬᠦ ᠶᠢᠨ ᠶᠡᠷᠦᠩᠬᠡᠢ ᠵᠥᠪᠯᠡᠯ ᠡᠴᠡ ᠬᠥᠭᠵᠢᠯ ᠦᠨ ᠪᠣᠳᠣᠯᠭ᠎ᠠ ᠲᠥᠯᠥᠪᠯᠡᠯᠲᠡ᠂ ᠲᠡᠭᠦᠨ ᠦ ᠤᠳᠤᠷᠢᠳᠤᠯᠭ᠎ᠠ ᠶᠢᠨ ᠲᠤᠬᠠᠢ ᠬᠠᠤᠯᠢ᠂ 《ᠬᠥᠭᠵᠢᠯ ᠦᠨ ᠪᠣᠳᠣᠯᠭ᠎ᠠ᠂ ᠲᠥᠯᠥᠪᠯᠡᠯᠲᠡ ᠶᠢᠨ ᠪᠠᠷᠢᠮᠲᠠ ᠪᠢᠴᠢᠭ ᠪᠣᠯᠪᠠᠰᠤᠷᠠᠭᠤᠯᠬᠤ ᠨᠡᠶᠢᠲᠡᠯᠢᠭ ᠵᠢᠷᠤᠮ》 ᠍ ᠳᠦ ᠵᠢᠭᠠᠭᠰᠠᠨ ᠱᠠᠭᠠᠷᠳᠠᠯᠭ᠎ᠠ ᠳᠤ ᠨᠡᠶᠢᠴᠡᠭᠦᠯᠦᠨ 《ᠰᠢᠭᠦᠬᠦ ᠶᠢᠨ ᠪᠠᠶᠢᠭᠤᠯᠤᠯᠭ᠎ᠠ ᠳᠤ ᠮᠡᠳᠡᠭᠡᠯᠡᠯ ᠦᠨ ᠲᠧᠭᠨᠣᠯᠣᠭᠢ᠂ ᠰᠢᠭᠦᠬᠦ ᠶᠢᠨ ᠦᠢᠯᠡᠴᠢᠯᠡᠭᠡ᠂ ᠤᠳᠤᠷᠢᠳᠤᠯᠭ᠎ᠠ ᠶᠢᠨ ᠰᠢᠨ᠎ᠡ ᠬᠡᠯᠪᠡᠷᠢ ᠶᠢ ᠨᠡᠪᠲᠡᠷᠡᠭᠦᠯᠬᠦ ᠨᠢᠭᠡᠳᠦᠭᠰᠡᠨ ᠪᠣᠳᠣᠯᠭ᠎ᠠ》 ᠍ ᠤᠨ ᠲᠥᠰᠥᠯ ᠢ ᠪᠣᠯᠪᠠᠰᠤᠷᠠᠭᠤᠯᠬᠤ ᠳᠤ ᠣᠯᠠᠨ ᠨᠡᠶᠢᠲᠡ ᠶᠢᠨ ᠣᠷᠣᠯᠴᠠᠭ᠎ᠠ᠂ ᠢᠯᠡ ᠲᠣᠳᠣ ᠪᠠᠶᠢᠳᠠᠯ ᠢ ᠬᠠᠩᠭᠠᠬᠤ ᠵᠣᠷᠢᠯᠭ᠎ᠠ ᠪᠠᠷ ᠨᠡᠭᠡᠭᠡᠯᠲᠡ ᠲᠡᠢ ᠠᠭᠤᠯᠵᠠᠯᠲᠠ᠂ ᠬᠡᠯᠡᠯᠴᠡᠭᠦᠯᠭᠡ ᠶᠢ ᠵᠣᠬᠢᠶᠠᠨ ᠪᠠᠶᠢᠭᠤᠯᠤᠯ᠎ᠠ᠃

ᠬᠡᠯᠡᠯᠴᠡᠭᠦᠯᠭᠡ ᠪᠡᠷ ᠰᠢᠭᠦᠬᠦ ᠶᠢᠨ ᠶᠡᠷᠦᠩᠬᠡᠢ ᠵᠥᠪᠯᠡᠯ ᠦᠨ᠂ ᠠᠵᠢᠯ ᠤᠨ ᠬᠡᠰᠡᠭ ᠦᠨ ᠭᠡᠰᠢᠭᠦᠳ ᠡᠴᠡ ᠪᠣᠯᠪᠠᠰᠤᠷᠠᠭᠤᠯᠤᠭᠰᠠᠨ ᠪᠣᠳᠣᠯᠭ᠎ᠠ ᠶᠢᠨ ᠪᠠᠷᠢᠮᠲᠠ ᠪᠢᠴᠢᠭ ᠦᠨ ᠲᠥᠰᠥᠯ ᠦᠨ ᠠᠭᠤᠯᠭ᠎ᠠ᠂ ᠪᠦᠲᠦᠴᠡ᠂ ᠵᠣᠷᠢᠯᠭ᠎ᠠ᠂ ᠵᠣᠷᠢᠯᠲᠠ᠂ ᠠᠷᠭ᠎ᠠ ᠬᠡᠮᠵᠢᠶ᠎ᠡ᠂ ᠰᠢᠯᠭᠠᠭᠤᠷ ᠦᠵᠡᠭᠦᠯᠦᠯᠲᠡ᠂ ᠰᠠᠭᠤᠷᠢ ᠪᠣᠯᠤᠨ ᠬᠦᠷᠬᠦ ᠲᠦᠪᠰᠢᠨ ᠢ ᠲᠠᠨᠢᠯᠴᠠᠭᠤᠯᠵᠤ᠂ ᠣᠷᠣᠯᠴᠠᠭᠴᠢ ᠪᠣᠳᠣᠯᠭ᠎ᠠ ᠳᠤ ᠬᠣᠯᠪᠣᠭᠳᠠᠬᠤ ᠪᠠᠶᠢᠭᠤᠯᠤᠭ ᠤᠳ ᠠᠴᠠ ᠲᠥᠷᠥ ᠶᠢᠨ ᠪᠣᠳᠣᠯᠭ᠎ᠠ᠂ ᠬᠠᠤᠯᠢ ᠡᠷᠬᠡ ᠵᠦᠢ ᠶᠢᠨ ᠣᠷᠴᠢᠨ᠂ ᠰᠠᠯᠪᠤᠷᠢ ᠶᠢᠨ ᠴᠠᠬᠢᠮᠵᠢᠯᠲᠠ ᠶᠢᠨ ᠦᠢᠯᠡ ᠶᠠᠪᠤᠴᠠ ᠶᠢᠨ ᠲᠠᠯ᠎ᠠ ᠪᠠᠷ ᠮᠡᠳᠡᠭᠡᠯᠡᠯ ᠬᠦᠷᠭᠡᠨ᠂ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠶᠢᠨ ᠺᠣᠮᠫᠠᠨᠢ ᠨᠤᠭᠤᠳ ᠲᠤᠰ ᠪᠣᠳᠣᠯᠭ᠎ᠠ ᠶᠢ ᠬᠡᠷᠡᠭᠵᠢᠭᠦᠯᠬᠦ ᠳᠡᠪᠰᠢᠯᠲᠡ ᠳᠦ ᠴᠠᠬᠢᠮ ᠲᠧᠭᠨᠣᠯᠣᠭᠢ ᠶᠢᠨ ᠰᠢᠢᠳᠦᠯ ᠦᠳ ᠢ ᠲᠠᠨᠢᠯᠴᠠᠭᠤᠯᠵᠤ ᠮᠡᠳᠡᠭᠡᠯᠡᠯ ᠰᠣᠯᠢᠯᠴᠠᠯ᠎ᠠ᠃

ᠤᠭ ᠬᠡᠯᠡᠯᠴᠡᠭᠦᠯᠭᠡ ᠳᠦ ᠴᠠ᠊ ᠬᠥᠭ᠊ ᠬᠠ᠊ ᠬᠣᠯ᠊ ᠤ ᠰᠠᠶᠢᠳ ᠨ ∙ ᠤᠴᠠᠷᠠᠯ ᠤᠨ ᠢᠯᠡᠭᠡᠯᠲᠡ ᠶᠢ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠴ ∙ ᠵᠣᠯᠪᠠᠶᠠᠷ ᠲᠠᠨᠢᠯᠴᠠᠭᠤᠯᠤᠭᠰᠠᠨ ᠢᠯᠡᠳᠬᠡᠯ ᠳᠦ ᠪᠡᠨ᠄ ᠴᠠᠬᠢᠮ ᠰᠢᠯᠵᠢᠯᠲᠡ ᠶᠢᠨ ᠲᠧᠭᠨᠣᠯᠣᠭᠢ ᠶᠢᠨ ᠪᠣᠯᠤᠮᠵᠢ ᠶᠢ ᠦᠨᠳᠦᠰᠦᠨ ᠦ ᠬᠡᠮᠵᠢᠶᠡᠨ ᠳᠦ ᠬᠠᠩᠭᠠᠬᠤ ᠬᠠᠮᠤᠭ ᠤᠨ ᠲᠣᠮᠣ ᠠᠵᠢᠯ ᠨᠢ ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ e-mongolia ᠶᠤᠮ᠃ ᠨᠡᠶᠢᠲᠡ ᠶᠢᠨ ᠮᠡᠳᠡᠭᠡᠯᠡᠯ ᠦᠨ ᠢᠯᠡ ᠲᠣᠳᠣ ᠪᠠᠶᠢᠳᠠᠯ ᠤᠨ ᠲᠤᠬᠠᠢ ᠬᠠᠤᠯᠢ ᠪᠠᠷ ᠢᠷᠭᠡᠨ ᠦ ᠮᠡᠳᠡᠭᠡᠯᠡᠯ ᠬᠠᠶᠢᠬᠤ᠂ ᠬᠦᠯᠢᠶᠡᠨ ᠠᠪᠬᠤ ᠡᠷᠬᠡ ᠶᠢ ᠬᠠᠩᠭᠠᠬᠤ᠂ ᠨᠡᠶᠢᠲᠡ ᠶᠢᠨ ᠮᠡᠳᠡᠭᠡᠯᠡᠯ ᠦᠨ ᠳᠡᠳ᠋ ᠪᠦᠲᠦᠴᠡ ᠶᠢᠨ ᠡᠷᠬᠡ ᠵᠦᠢ ᠶᠢᠨ ᠦᠨᠳᠦᠰᠦ ᠶᠢ ᠪᠡᠬᠢᠵᠢᠭᠦᠯᠦᠭᠰᠡᠨ ᠪᠥᠭᠡᠳ ᠡᠨᠡ ᠬᠠᠤᠯᠢ ᠶᠢᠨ ᠬᠡᠷᠡᠭᠵᠢᠯᠲᠡ ᠶᠢ ᠬᠠᠩᠭᠠᠬᠤ ᠳᠤ ᠰᠢᠭᠦᠬᠦ ᠶᠢᠨ ᠪᠠᠶᠢᠭᠤᠯᠤᠯᠭ᠎ᠠ ᠨᠢ ᠴᠢᠬᠤᠯᠠ ᠡᠭᠦᠷᠭᠡ ᠭᠦᠢᠴᠡᠳᠭᠡᠵᠦ᠂ ᠮᠡᠳᠡᠭᠡᠯᠡᠯ ᠦᠨ ᠢᠯᠡ ᠲᠣᠳᠣ᠂ ᠨᠡᠭᠡᠭᠡᠯᠲᠡ ᠲᠡᠢ ᠪᠠᠶᠢᠳᠠᠯ ᠢ ᠬᠠᠩᠭᠠᠵᠤ ᠪᠠᠶᠢᠭ᠎ᠠ ᠰᠠᠶᠢᠨ ᠵᠢᠱᠢᠶ᠎ᠡ ᠪᠣᠯᠵᠤ ᠪᠠᠶᠢᠨ᠎ᠠ᠃ ᠲᠤᠬᠠᠶᠢᠯᠠᠪᠠᠯ shuukh.mn ᠳᠡᠭᠡᠷ᠎ᠡ ᠢᠷᠭᠡᠨ ᠦ᠂ ᠡᠷᠡᠭᠦᠦ ᠶᠢᠨ᠂ ᠵᠠᠬᠢᠷᠭᠠᠨ ᠤ ᠬᠡᠷᠡᠭ ᠦᠨ ᠠᠩᠬᠠᠨ ᠱᠠᠲᠤᠨ ᠤ᠂ ᠳᠠᠪᠠᠵᠤ ᠵᠢᠭᠠᠯᠲᠠᠬᠤ ᠱᠠᠲᠤᠨ ᠤ ᠪᠣᠯᠤᠨ ᠬᠢᠨᠠᠯᠲᠠ ᠶᠢᠨ ᠱᠠᠲᠤᠨ ᠤ ᠵᠢᠷᠤᠮ ᠢᠶᠠᠷ ᠱᠢᠳᠪᠦᠷᠢᠯᠡᠭᠳᠡᠭᠰᠡᠨ ᠬᠡᠷᠡᠭ ᠮᠠᠷᠭᠤᠭᠠᠨ ᠤ ᠲᠣᠭ᠎ᠠ ᠮᠡᠳᠡᠭᠡ᠂ ᠰᠢᠢᠳᠪᠦᠷᠢ ᠶᠢ ᠪᠠᠶᠢᠷᠢᠰᠢᠭᠤᠯᠤᠭᠰᠠᠨ ᠪᠠᠶᠢᠨ᠎ᠠ᠃ ᠰᠢᠢᠳᠪᠦᠷᠢ ᠶᠢ ᠨᠡᠶᠢᠳᠡᠯᠡᠬᠦ ᠳᠦ ᠪᠡᠨ ᠬᠤᠪᠢ ᠬᠦᠮᠦᠨ ᠢ ᠲᠣᠳᠣᠷᠬᠠᠶᠢᠯᠠᠬᠤ ᠪᠣᠯᠤᠮᠵᠢ ᠦᠭᠡᠢ ᠪᠠᠶᠢᠳᠠᠯ ᠢᠶᠠᠷ ᠲᠤᠰᠬᠠᠭᠰᠠᠨ ᠨᠢ ᠬᠦᠮᠦᠨ ᠦ ᠬᠤᠪ ᠤᠨ ᠮᠡᠳᠡᠭᠡᠯᠡᠯ ᠬᠠᠮᠠᠭᠠᠯᠠᠬᠤ ᠬᠠᠤᠯᠢ ᠶᠢᠨ ᠬᠡᠷᠡᠭᠵᠢᠯᠲᠡ ᠶᠢᠨ ᠪᠠᠰᠠ ᠨᠢᠭᠡ ᠰᠠᠶᠢᠨ ᠵᠢᠱᠢᠶ᠎ᠡ ᠪᠣᠯᠤᠭᠰᠠᠨ ᠢ ᠳᠤᠷᠠᠳᠤᠯ᠎ᠠ᠃

ᠮᠥᠨ ᠴᠠ᠊ ᠬᠥᠭ᠊ ᠬᠠ᠊ ᠬᠣᠯ᠊ ᠤ ᠶᠠᠮᠤ ᠰᠤᠳᠤᠯᠭ᠎ᠠ ᠬᠢᠵᠦ ᠮᠣᠩᠭᠣᠯ ᠤᠯᠤᠰ ᠲᠤ ᠬᠦᠴᠦᠨ ᠲᠡᠭᠦᠯᠳᠡᠷ ᠦᠢᠯᠡᠴᠢᠯᠡᠵᠦ ᠪᠠᠶᠢᠭ᠎ᠠ 430 ᠣᠷᠴᠢᠮ ᠬᠠᠤᠯᠢ ᠠᠴᠠ ᠬᠠᠶᠢᠯᠲᠠ ᠬᠢᠬᠦ ᠳᠦ 《ᠪᠢᠴᠢᠭ ᠢᠶᠡᠷ》 ᠪᠤᠶᠤ 《ᠴᠠᠭᠠᠰᠤᠨ ᠬᠡᠯᠪᠡᠷᠢ ᠪᠡᠷ》 ᠭᠡᠰᠡᠨ ᠠᠭᠤᠯᠭ᠎ᠠ ᠪᠦᠬᠦᠢ ᠦᠭᠡ ᠬᠡᠯᠡᠯᠭᠡ ᠲᠡᠢ 169 ᠬᠠᠤᠯᠢ ᠶᠢᠨ 869 ᠬᠡᠰᠡᠭ ᠢᠯᠡᠷᠡᠵᠦ᠂ 《ᠪᠢᠴᠢᠭ ᠢᠶᠡᠷ》 ᠭᠡᠰᠡᠨ ᠠᠭᠤᠯᠭ᠎ᠠ ᠳᠤ ᠵᠥᠪᠬᠡᠨ ᠴᠠᠭᠠᠰᠤᠨ ᠬᠡᠯᠪᠡᠷᠢ ᠶᠢ ᠬᠠᠮᠢᠶᠠᠷᠤᠭᠤᠯᠵᠤ᠂ ᠴᠠᠬᠢᠮ ᠬᠡᠯᠪᠡᠷᠢ ᠲᠡᠢ ᠪᠠᠶᠢᠬᠤ ᠵᠣᠬᠢᠴᠠᠭᠤᠯᠤᠯᠲᠠ ᠶᠢ ᠣᠷᠬᠢᠭᠳᠠᠭᠤᠯᠤᠭᠰᠠᠨ ᠪᠠᠶᠢᠭ᠎ᠠ ᠶᠢ ᠥᠭᠡᠷᠡᠴᠢᠯᠡᠬᠦ ᠠᠰᠠᠭᠤᠳᠠᠯ ᠦᠵᠡᠯ ᠪᠠᠷᠢᠮᠲᠠᠯᠠᠯ ᠤᠨ ᠲᠦᠪᠰᠢᠨ ᠳᠦ ᠶᠠᠷᠢᠭᠳᠠᠵᠤ ᠪᠠᠶᠢᠨ᠎ᠠ᠃ ᠢᠩᠭᠢᠭᠰᠡᠨ ᠢᠶᠡᠷ ᠬᠠᠤᠯᠢ ᠬᠣᠭᠣᠷᠣᠨᠳᠣ ᠶᠢᠨ ᠨᠡᠶᠢᠴᠡᠯ ᠢ ᠬᠠᠩᠭᠠᠬᠤ ᠠᠵᠢᠯ ᠤᠳ ᠬᠢᠭᠳᠡᠵᠦ᠂ ᠲᠥᠷᠦ ᠶᠢᠨ ᠪᠠᠶᠢᠭᠤᠯᠤᠯᠭ᠎ᠠ ᠨᠤᠭᠤᠳ ᠴᠠᠬᠢᠮ ᠬᠡᠯᠪᠡᠷᠢ ᠪᠡᠷ ᠦᠢᠯᠡᠴᠢᠯᠡᠭᠡ ᠶᠢ ᠦᠵᠡᠭᠦᠯᠬᠦ ᠪᠣᠯᠤᠮᠵᠢ ᠨᠡᠮᠡᠭᠳᠡᠵᠦ᠂ ᠴᠠᠬᠢᠮ ᠪᠠᠷᠢᠮᠲᠠ ᠪᠢᠴᠢᠭ ᠢ ᠬᠦᠯᠢᠶᠡᠨ ᠵᠥᠪᠰᠢᠶᠡᠷᠡᠬᠦ᠂ ᠨᠣᠲᠠᠯᠠᠬᠤ ᠪᠠᠷᠢᠮᠲᠠ ᠶᠢᠨ ᠬᠡᠮᠵᠢᠶᠡᠨ ᠳᠦ ᠦᠨᠡᠯᠡᠬᠦ ᠨᠥᠬᠥᠴᠡᠯ ᠢ ᠰᠠᠶᠢᠵᠢᠷᠠᠭᠤᠯᠤᠨ᠎ᠠ ᠭᠡᠵᠦ ᠦᠵᠡᠵᠦ ᠪᠠᠶᠢᠨ᠎ᠠ ᠬᠡᠮᠡᠭᠡᠳ ᠴᠠᠬᠢᠮ ᠰᠢᠯᠵᠢᠯᠲᠡ ᠶᠢ ᠡᠷᠴᠢᠮᠵᠢᠭᠦᠯᠬᠦ ᠳᠦ ᠰᠢᠭᠦᠬᠦ ᠶᠢᠨ ᠵᠠᠬᠢᠷᠭᠠᠨ ᠤ ᠪᠠᠶᠢᠭᠤᠯᠤᠯᠭ᠎ᠠ ᠶᠢᠨ ᠡᠭᠦᠷᠭᠡ ᠣᠷᠣᠯᠴᠠᠭ᠎ᠠ ᠤᠯᠠᠮ ᠪᠦᠷ ᠨᠡᠮᠡᠭᠳᠡᠵᠦ᠂ ᠰᠢᠨ᠎ᠡ ᠳᠡᠪᠰᠢᠯᠲᠡ ᠳᠦ ᠲᠧᠭᠨᠣᠯᠣᠭᠢ ᠶᠢ ᠨᠡᠪᠲᠡᠷᠡᠭᠦᠯᠬᠦ ᠳᠦ ᠴᠠ᠊ ᠬᠥᠭ᠊ ᠬᠠ᠊ ᠬᠣᠯ᠊ ᠤ ᠶᠠᠮᠤᠨ ᠤ ᠵᠦᠭ ᠡᠴᠡ ᠬᠠᠮᠲᠤᠷᠠᠨ ᠠᠵᠢᠯᠯᠠᠬᠤ ᠪᠠᠨ ᠢᠯᠡᠷᠬᠡᠶᠢᠯᠡᠭᠰᠡᠨ ᠶᠤᠮ᠃

ᠬᠡᠯᠡᠯᠴᠡᠭᠦᠯᠭᠡ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ᠂ ᠤᠯᠤᠰ ᠤᠨ ᠶᠡᠬᠡ ᠬᠤᠷᠠᠯ ᠤᠨ ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ᠂ ᠬᠠᠤᠯᠢ ᠵᠦᠢ ᠳᠣᠲᠣᠭᠠᠳᠤ ᠬᠡᠷᠡᠭ ᠦᠨ ᠶᠠᠮᠤ ᠪᠣᠯᠤᠨ ᠬᠠᠤᠯᠢ ᠰᠠᠬᠢᠭᠤᠯᠬᠤ᠂ ᠪᠦᠬᠦ ᠱᠠᠲᠤᠨ ᠤ ᠰᠢᠭᠦᠬᠦ᠂ ᠫᠷᠣᠺᠦ᠋ᠷᠣᠷ ᠤᠨ ᠪᠠᠶᠢᠭᠤᠯᠤᠯᠭ᠎ᠠ᠂ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ᠂ ᠣᠯᠠᠨ ᠤᠯᠤᠰ ᠤᠨ ᠪᠠᠶᠢᠭᠤᠯᠤᠯᠭ᠎ᠠ᠂ ᠮᠡᠳᠡᠭᠡᠯᠡᠯ ᠲᠧᠭᠨᠣᠯᠣᠭᠢ ᠶᠢᠨ ᠺᠣᠮᠫᠠᠨᠢ ᠨᠤᠭᠤᠳ ᠵᠡᠷᠭᠡ ᠨᠡᠶᠢᠲᠡ 50 ᠣᠷᠴᠢᠮ ᠪᠠᠶᠢᠭᠤᠯᠤᠯᠭ᠎ᠠ ᠶᠢᠨ 100 ᠭᠠᠷᠤᠢ ᠲᠥᠯᠥᠭᠡᠯᠡᠯ ᠣᠷᠣᠯᠴᠠᠵᠤ᠂ ᠰᠠᠨᠠᠯ᠂ ᠵᠥᠪᠯᠡᠮᠵᠢ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠬᠡᠯᠡᠯᠴᠡᠯ᠎ᠡ᠃

ᠨᠡᠶᠢᠲᠡᠯᠡᠭᠰᠡᠨ᠄