ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠊ᠢ ᠳᠡᠮᠵᠢᠬᠦ ᠲᠤᠬᠠᠢ ᠬᠠᠤᠯᠢ ᠊ᠢᠢᠨ ᠲᠥᠰᠡᠯ ᠊ᠢ ᠤᠯᠤᠰ ᠤᠨ ᠶᠡᠬᠡ ᠬᠤᠷᠠᠯ ᠊ᠳᠦ ᠥᠷᠭᠡᠨ ᠮᠡᠳᠡᠭᠦᠯᠪᠡ


ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠨ ∙ ᠤᠴᠠᠷᠠᠯ ᠥᠨᠥᠳᠥᠷ (᠒᠐᠒᠔.0᠕.0᠓) ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠊ᠢ ᠳᠡᠮᠵᠢᠬᠦ ᠲᠤᠬᠠᠢ ᠬᠠᠤᠯᠢ ᠊ᠢᠢᠨ ᠲᠥᠰᠥᠯ ᠊ᠢ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠊ᠳᠤ ᠥᠷᠭᠡᠨ ᠮᠡᠳᠡᠭᠦᠯᠦᠯ᠎ᠡ᠃

ᠥᠨᠥᠳᠥᠷ ᠮᠣᠩᠭᠣᠯ ᠬᠦᠮᠦᠨ ᠊ᠤ ᠮᠡᠳᠡᠯᠭᠡ ᠣᠶᠤᠨ ᠳᠡᠯᠡᠬᠡᠢ ᠊ᠳᠦ ᠦᠨᠡᠯᠡᠭᠳᠡᠵᠦ᠂ ᠮᠡᠳᠡᠭᠡᠯᠡᠯ ᠲᠧᠭᠨᠣᠯᠣᠭᠢ ᠊ᠢᠢᠨ ᠢᠨᠵᠧᠨᠧᠷ ᠤᠳ ᠳᠡᠯᠡᠬᠡᠢ ᠊ᠢᠢᠨ ᠪᠦᠬᠦ ᠲᠣᠮᠣ ᠺᠣᠮᠫᠠᠨᠢ ᠊ᠳᠤ ᠠᠵᠢᠯᠯᠠᠵᠤ᠂ ᠶᠡᠬᠡ ᠳᠡᠭᠡᠳᠦ ᠰᠤᠷᠭᠠᠭᠤᠯᠢ ᠨᠤᠭᠤᠳ ᠲᠤ ᠪᠠᠭᠰᠢᠯᠠᠵᠤ ᠪᠠᠶᠢᠨ᠎ᠠ᠃ ᠪᠥᠰᠡ ᠨᠤᠲᠤᠭ ᠤᠨ ᠣᠷᠣᠨ ᠨᠤᠭᠤᠳ ᠲᠤ ᠬᠠᠰᠠᠭᠰᠲ᠋ᠠᠨ᠂ ᠺᠢᠷᠭᠢᠽ᠂ ᠦᠽᠪᠧᠺ ᠤᠯᠤᠰ ᠲᠤ ᠮᠠᠨ ᠊ᠤ ᠰᠠᠯᠪᠤᠷᠢ ᠊ᠢᠢᠨ ᠵᠠᠯᠠᠭᠤᠴᠤᠳ ᠨᠤᠲᠤᠭᠰᠢᠵᠤ ᠠᠮᠵᠢᠯᠲᠠ ᠲᠠᠢ ᠡᠺᠰᠫᠣᠷᠲ ᠬᠢᠵᠦ ᠪᠠᠶᠢᠨ᠎ᠠ. E-Mongolia᠂ E-Barimt᠂ ᠬᠤᠷᠳᠤᠨ ᠴᠡᠭ ᠵᠡᠷᠭᠡ ᠲᠥᠷᠥ ᠊ᠢᠢᠨ ᠦᠢᠯᠡᠴᠢᠯᠡᠭᠡᠨ ᠊ᠤ ᠴᠠᠬᠢᠮ ᠰᠢᠯᠵᠢᠯᠲᠡ ᠳᠡᠯᠡᠬᠡᠢ ᠊ᠢᠢᠨ ᠥᠨᠴᠥᠭ ᠪᠤᠯᠤᠨ ᠪᠦᠷᠢ ᠊ᠳᠦ ᠵᠢᠱᠢᠭ ᠪᠣᠯᠵᠤ᠂ ᠣᠯᠠᠨ ᠤᠯᠤᠰ ᠤᠨ ᠱᠠᠩᠨᠠᠯ ᠤᠳ ᠳᠠᠷᠠᠭ᠎ᠠ ᠳᠠᠷᠠᠭᠠᠯᠠᠨ ᠬᠦᠷᠲᠡᠵᠦ ᠪᠠᠶᠢᠨ᠎ᠠ᠃

ᠡᠨᠡ ᠠᠮᠵᠢᠯᠲᠠ ᠪᠠᠨ ᠪᠢᠳᠡ ᠪᠠᠲᠤᠳᠬᠠᠵᠤ᠂ ᠮᠣᠩᠭᠣᠯ ᠊ᠳᠤ ᠪᠠᠨ ᠴᠢᠳᠠᠪᠤᠷᠢᠯᠢᠭ ᠵᠠᠯᠠᠭᠤᠴᠤᠳ ᠊ᠢᠢᠠᠨ ᠠᠵᠢᠯ ᠤᠨ ᠪᠠᠶᠢᠷᠢ ᠪᠠᠷ ᠬᠠᠩᠭᠠᠵᠤ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢ ᠬᠥᠭᠵᠢᠭᠦᠯᠦᠨ ᠪᠠᠶᠢᠭᠠᠯ ᠤᠨ ᠰᠢᠪᠬᠠᠭᠳᠠᠬᠤ ᠪᠠᠶᠠᠯᠢᠭ ᠳᠠᠭᠤᠰᠤᠭᠰᠠᠨ ᠊ᠤ ᠳᠠᠷᠠᠭ᠎ᠠ ᠡᠳ᠋ ᠍ ᠊ᠢᠢᠨ ᠵᠠᠰᠠᠭ ᠲᠤ ᠪᠣᠳᠠᠲᠠᠢ ᠬᠤᠪᠢ ᠨᠡᠮᠡᠷᠢ ᠣᠷᠣᠭᠤᠯᠵᠤ᠂ ᠤᠷᠤᠯᠠᠬᠤ ᠴᠢᠳᠠᠪᠤᠷᠢ ᠲᠠᠢ ᠡᠳ᠋ ᠍ ᠊ᠢᠢᠨ ᠵᠠᠰᠠᠭ ᠤᠨ ᠰᠢᠨ᠎ᠡ ᠪᠣᠯᠭᠠᠨ ᠬᠥᠭᠵᠢᠭᠦᠯᠬᠦ ᠰᠠᠭᠤᠷᠢ ᠊ᠢᠢ ᠥᠨᠥᠳᠥᠷ ᠡᠴᠡ ᠲᠠᠯᠪᠢᠬᠤ ᠪᠣᠯᠤᠨ᠎ᠠ᠃

ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠢ ᠳᠡᠮᠵᠢᠬᠦ ᠬᠠᠤᠯᠢ ᠊ᠢᠢᠨ ᠲᠥᠰᠦᠯ ᠊ᠳᠦ ᠲᠤᠰᠬᠠᠭᠰᠠᠨ ᠭᠣᠣᠯ ᠵᠠᠷᠴᠢᠮ ᠨᠢ᠄
1᠃ ᠺᠣᠮᠫᠠᠨᠢ ᠨᠤᠭᠤᠳ ᠤᠨ ᠮᠡᠳᠡᠭᠡᠯᠡᠯ ᠤᠨ ᠲᠧᠭᠨᠣᠯᠣᠭᠢ ᠊ᠢᠢᠨ ᠪᠦᠲᠦᠭᠡᠭᠳᠡᠬᠦᠨ᠂ ᠦᠢᠯᠡᠴᠢᠯᠡᠭᠡᠨ ᠊ ᠪᠤᠶᠤ ᠮᠠᠲ᠋ᠧᠷᠢᠶᠠᠯᠯᠢᠭ ᠪᠤᠰᠤ ᠬᠥᠷᠦᠩᠭᠡ ᠊ᠢᠢᠨ ᠦᠨᠡᠯᠡᠭᠡᠨ ᠊ᠤ ᠲᠣᠭᠲᠠᠯᠴᠠᠭ᠎ᠠ ᠊ᠢᠢ ᠬᠥᠭᠵᠢᠭᠦᠯᠵᠦ᠂ ᠮᠡᠳᠡᠯᠭᠡ ᠊ᠢᠢ ᠡᠳ᠋ ᠍᠊ᠢᠢᠢᠨ ᠵᠠᠰᠠᠭ ᠤᠨ ᠡᠷᠭᠢᠯᠲᠡᠨ ᠊ᠳᠦ ᠣᠷᠣᠭᠤᠯᠤᠨ᠎ᠠ᠃
2᠃ ᠮᠣᠩᠭᠣᠯ ᠤᠯᠤᠰ ᠨᠢ ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠡᠴᠡ ᠡᠳ᠋ ᠍ ᠊ᠢᠢᠨ ᠵᠠᠰᠠᠭ ᠲᠤ ᠦᠵᠡᠭᠦᠯᠬᠦ ᠦᠷ᠎ᠡ ᠥᠭᠭᠦᠭᠡᠴᠢ ᠊ᠢᠢ ᠨᠡᠮᠡᠭᠳᠡᠭᠦᠯᠵᠦ᠂ ᠴᠠᠬᠢᠮ ᠡᠳ᠋ ᠍ ᠤᠨ ᠵᠠᠰᠠᠭ ᠢᠪᠣᠳᠠᠲᠤ ᠪᠣᠯᠭᠠᠵᠤ᠂ ᠠᠵᠢᠯ ᠤᠨ ᠪᠠᠶᠢᠷᠢ ᠨᠡᠮᠡᠭᠳᠡᠭᠦᠯᠦᠨ᠎ᠡ
3᠃ ᠮᠣᠩᠭᠣᠯ ᠊ᠳᠤ ᠪᠠᠨ ᠴᠢᠳᠠᠪᠤᠷᠢᠯᠢᠭ ᠵᠠᠯᠠᠭᠤᠴᠤᠳ ᠊ᠢᠢᠠᠨ ᠲᠣᠭᠲᠠᠭᠠᠬᠤ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢ ᠬᠥᠭᠵᠢᠭᠦᠯᠵᠦ᠂ ᠪᠠᠶᠢᠭᠠᠯ ᠤᠨ ᠰᠢᠪᠬᠠᠭᠳᠠᠬᠤ ᠪᠠᠶᠠᠯᠢᠭ ᠳᠠᠭᠤᠰᠤᠭᠰᠠᠨ ᠊ᠤ ᠳᠠᠷᠠᠭ᠎ᠠ ᠡᠳ᠋ ᠍ ᠊ᠢᠢᠨ ᠵᠠᠰᠠᠭ ᠲᠤ ᠪᠣᠳᠠᠲᠠᠢ ᠬᠤᠪᠢ ᠨᠡᠮᠡᠷᠢ ᠣᠷᠣᠭᠤᠯᠵᠤ᠂ ᠨᠡᠭᠦᠷᠡᠰᠦ ᠵᠡᠰ ᠊ᠢ ᠣᠷᠣᠯᠠᠬᠤ ᠴᠢᠳᠠᠪᠤᠷᠢ ᠲᠠᠢ ᠦᠢᠯᠡᠳᠪᠦᠷᠢ ᠊ᠢᠢᠨ ᠰᠢᠨ᠎ᠡ ᠰᠠᠯᠪᠤᠷᠢ ᠊ᠢᠢ ᠪᠣᠰᠬᠠᠬᠤ ᠶᠠᠪᠤᠳᠠᠯ ᠬᠡᠮᠡᠨ ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ ᠲᠠᠨᠢᠯᠴᠠᠭᠤᠯᠪᠠ᠃

ᠨᠡᠶᠢᠲᠡᠯᠡᠭᠰᠡᠨ᠄