ᠪᠢᠽᠢᠨ᠋ᠧᠰ ᠡᠷᠬᠢᠯᠡᠭᠴᠢᠳ ᠤᠨ ᠴᠠᠬᠢᠮ ᠲᠤᠰᠠᠯᠠᠭᠴᠢ 《E-business》 ᠦᠢᠯᠡᠴᠢᠯᠡᠭᠡ ᠊ᠢᠢ ᠰᠠᠶᠢᠵᠢᠷᠠᠭᠤᠯᠤᠨ᠎ᠠ


ᠺᠣᠮᠫᠠᠨᠢ᠂ ᠲᠥᠷᠥ ᠊ᠢᠢᠨ ᠪᠤᠰᠤ ᠪᠠᠶᠢᠭᠤᠯᠤᠯᠭ᠎ᠠ᠂ ᠬᠣᠷᠰᠢᠶ᠎ᠠ ᠪᠥᠷᠢᠳᠬᠡᠭᠦᠯᠬᠦ᠂ ᠲᠤᠰᠬᠠᠢ ᠵᠥᠪᠰᠢᠶᠡᠷᠡᠯ ᠰᠤᠩᠭᠠᠭᠤᠯᠬᠤ ᠵᠡᠷᠭᠡ ᠗᠘᠐ ᠲᠥᠷᠥᠯ ᠤᠨ ᠴᠠᠬᠢᠮ ᠦᠢᠯᠡᠴᠢᠯᠡᠭᠡ ᠦᠵᠡᠭᠦᠯᠳᠡᠭ 《E-business》 ᠫᠯᠠᠲ᠋ᠹᠣᠷᠮ ᠊ᠢ ᠪᠢᠽᠢᠨ᠋ᠧᠰ ᠡᠷᠬᠢᠯᠡᠭᠴᠢ ᠬᠦᠮᠦᠨ ᠪᠦᠷᠢ ᠊ᠳᠦ ᠶᠠᠵ ᠢᠯᠡᠭᠦᠦ ᠦᠷ᠎ᠡ ᠳᠦᠩ ᠲᠡᠢ ᠪᠣᠯᠭᠠᠬᠤ ᠪᠤᠢ?

ᠠᠽᠢᠶ᠎ᠠ ᠊ᠢᠢᠨ ᠬᠥᠭᠵᠢᠯ ᠤᠨ ᠪᠠᠩᠬᠢᠨ ᠊ᠤ ᠰᠠᠩᠬᠦᠵᠢᠯᠲᠡ ᠪᠡᠷ ᠼᠠ᠊ ᠬᠥ᠊ ᠬᠠ᠊ ᠬᠣ᠊ ᠶᠠ᠊- ᠍᠊ᠤ ᠬᠡᠷᠡᠭᠵᠢᠭᠦᠯᠦᠭᠰᠡᠨ 《E-Business ᠫᠯᠠᠲ᠋ᠹᠣᠷᠮ ᠊ᠳᠤ ᠫᠷᠣᠼᠧᠰᠰ ᠤᠨ ᠳ᠋ᠠᠬᠢᠨ ᠢᠨᠵᠧᠨᠧᠷᠴᠢᠯᠡᠯ ᠬᠢᠬᠦ》 ᠲᠥᠰᠦᠯ ᠊ᠢᠢᠡᠷ ᠡᠨᠡ ᠠᠰᠠᠭᠤᠯᠲᠠ ᠊ᠢᠢᠨ ᠢᠵᠢ ᠪᠥᠷᠢᠨ ᠬᠠᠷᠢᠭᠤᠯᠲᠠ ᠊ᠢᠢ ᠣᠯᠵᠤ ᠲᠣᠳᠣᠷᠬᠠᠶᠢᠯᠠᠵᠤ ᠪᠠᠶᠢᠨ᠎ᠠ᠃ ᠲᠧᠭᠨᠢᠭ᠂ ᠵᠣᠬᠢᠶᠠᠨ ᠪᠠᠶᠢᠭᠤᠯᠤᠯᠲᠠ᠂ ᠰᠢᠰᠲ᠋ᠧᠮ ᠤᠨ ᠴᠢᠨᠠᠷᠲᠠᠢ ᠣᠯᠠᠨ ᠲᠠᠯᠠᠲᠤ ᠠᠰᠠᠭᠤᠳᠠᠯ ᠊ᠢ ᠳᠡᠯᠡᠬᠡᠢ ᠊ᠳᠦ ᠪᠢᠽᠢᠨ᠋ᠧᠰ ᠫᠷᠣᠼᠧᠰᠰ ᠤᠨ ᠳ᠋ᠠᠬᠢᠨ ᠢᠨᠵᠧᠨᠧᠷᠴᠢᠯᠡᠯ ᠤᠨ ᠠᠷᠭ᠎ᠠ ᠵᠦᠢ ᠪᠡᠷ ᠰᠢᠢᠳᠪᠦᠷᠢᠯᠡᠳᠡᠭ᠃

ᠲᠤᠬᠠᠶᠢᠯᠠᠪᠠᠯ᠂ ᠬᠠᠤᠯᠢ ᠊ᠢᠢᠨ ᠡᠲᠡᠭᠡᠳ ᠤᠨ ᠪᠦᠷᠢᠳᠬᠡᠯ ᠲᠡᠢ ᠬᠣᠯᠪᠣᠭ᠎ᠠ ᠲᠠᠢ ᠤᠯᠤᠰ ᠤᠨ ᠪᠦᠷᠢᠳᠬᠡᠯ ᠤᠨ ᠪᠠᠭᠴᠠ ᠬᠠᠤᠯᠢ᠂ ᠪᠤᠰᠤᠳ ᠬᠠᠤᠯᠢ᠂ ᠵᠠᠰᠠᠭ ᠤᠨ ᠭᠠᠵᠠᠷ ᠤᠨ ᠴᠠᠬᠢᠮ ᠰᠢᠯᠵᠢᠯᠲᠡ ᠊ᠢᠢᠨ ᠪᠣᠳᠣᠯᠭ᠎ᠠ ᠊ᠢᠢᠨ ᠬᠡᠷᠡᠭᠵᠢᠬᠦ ᠶᠠᠪᠤᠴᠠ ᠊ᠳᠤ ᠶᠠᠮᠠᠷ ᠪᠡᠷᠬᠡᠰᠢᠶᠡᠯ ᠲᠤᠯᠭᠠᠷᠴᠢ ᠪᠤᠢ ᠊ᠢᠢ ᠰᠢᠯᠲᠠᠭᠠᠨ᠂ ᠨᠥᠬᠥᠴᠡᠯ ᠲᠡᠢ ᠨᠢ ᠲᠣᠳᠣᠷᠬᠠᠶᠢᠯᠠᠵᠤ᠂ ᠡᠷᠬᠡ ᠵᠦᠢ ᠊ᠢᠢᠨ ᠪᠣᠯᠤᠨ ᠲᠧᠭᠨᠢᠭ ᠤᠨ ᠰᠠᠨᠠᠯ ᠰᠢᠢᠳᠦᠯ ᠭᠠᠷᠭᠠᠵᠤ ᠪᠠᠶᠢᠨ᠎ᠠ᠃

E-business ᠫᠯᠠᠲ᠋ᠹᠣᠷᠮ ᠨᠢ ᠵᠢᠯ ᠤᠨ ᠬᠤᠭᠤᠴᠠᠭᠠᠨ ᠊ᠳᠤ ᠲᠥᠷᠦ ᠊ᠢᠢᠨ ᠗᠘᠐ ᠦᠢᠯᠡᠴᠢᠯᠡᠭᠡ ᠊ᠢᠢ ᠬᠠᠤᠯᠢ ᠡᠷᠬᠡ ᠵᠦᠢ ᠊ᠢᠢᠨ ᠥᠨᠥ ᠊ᠢᠢᠨ ᠪᠣᠯᠤᠮᠵᠢ ᠪᠠᠷ ᠴᠠᠬᠢᠮᠵᠢᠭᠤᠯᠵᠤ᠂ ᠒᠔᠂000 ᠬᠡᠷᠡᠭᠯᠡᠭᠴᠢᠳ ᠕᠐ ᠮᠢᠩᠭ᠎ᠠ ᠔᠐᠐ ᠣᠷᠴᠢᠮ ᠤᠳᠠᠭ᠎ᠠ ᠬᠦᠷᠭᠡᠭᠡᠳ ᠪᠠᠶᠢᠭ᠎ᠠ ᠶᠤᠮ᠃ ᠴᠠᠭᠠᠰᠤᠨ ᠬᠦᠨᠳᠦ ᠰᠤᠷᠲᠠᠯ ᠊ᠢ ᠪᠠᠭᠠᠰᠬᠠᠵᠤ᠂ ᠴᠠᠬᠢᠮᠵᠢᠯᠲᠠ ᠊ᠢᠢ ᠲᠦᠷᠭᠡᠰᠬᠡᠬᠦ ᠳᠦ ᠪᠦᠷᠢᠳᠬᠡᠯ᠂ ᠬᠠᠤᠯᠢ ᠡᠷᠬᠡ ᠵᠦᠢ ᠊ᠢᠢᠨ᠂ ᠲᠥᠷᠦ ᠊ᠢᠢᠨ ᠪᠠᠶᠢᠭᠤᠯᠤᠯᠭ᠎ᠠ ᠨᠤᠭᠤᠳ ᠤᠨ ᠤᠶᠠᠯᠳᠤᠭ᠎ᠠ ᠊ᠢᠢ ᠬᠣᠯᠪᠣᠭ᠎ᠠ ᠊ᠢᠢ ᠰᠠᠶᠢᠵᠢᠷᠠᠭᠤᠯᠬᠤ ᠳᠠᠷᠤᠭ᠎ᠠ ᠊ᠢᠢᠨ ᠱᠠᠲᠤᠨ ᠊ᠤ ᠰᠣᠷᠢᠯᠲᠠ ᠨᠤᠭᠤᠳ ᠊ᠢ ᠳᠠᠪᠠᠨ ᠲᠤᠭᠤᠯᠬᠤ ᠵᠦᠢ ᠶᠣᠰᠣᠨ ᠊ᠤ ᠱᠠᠭᠠᠷᠳᠠᠯᠭ᠎ᠠ ᠤᠷᠭᠤᠨ ᠭᠠᠷᠤᠭᠠᠳ ᠪᠠᠶᠢᠨ᠎ᠠ᠃

ᠨᠡᠶᠢᠲᠡᠯᠡᠭᠰᠡᠨ᠄