ᠬᠡᠨᠲᠡᠢ ᠠᠶᠢᠮᠠᠭ ᠴᠠᠬᠢᠮ ᠰᠢᠯᠵᠢᠯᠲᠡ ᠊ᠢᠢᠨ ᠪᠡᠯᠡᠨ ᠪᠠᠶᠢᠳᠠᠯ ᠤᠨ ᠶᠡᠷᠦᠩᠬᠡᠢ ᠦᠨᠡᠯᠡᠭᠡ ᠪᠡᠷ ᠒ ᠍ ᠳᠦ ᠡᠷᠢᠮᠪᠡᠯᠡᠭᠳᠡᠵᠦ᠂ ᠲᠥᠷᠥ ᠊ᠢᠢᠨ ᠦᠢᠯᠡᠴᠢᠯᠡᠭᠡᠨ ᠊ᠤ ᠴᠠᠬᠢᠮᠵᠢᠯᠲᠠ ᠪᠠᠷ ᠤᠯᠤᠰ ᠲᠤ ᠪᠠᠨ ᠲᠡᠷᠢᠭᠦᠯᠡᠵᠦ ᠪᠠᠶᠢᠨ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠰᠠᠨᠠᠭᠠᠴᠢᠯᠠᠨ ᠬᠠᠷᠢᠶ᠎ᠠ᠂ ᠰᠠᠯᠪᠤᠷᠢ ᠪᠠᠶᠢᠭᠤᠯᠤᠯᠭ᠎ᠠ ᠨᠤᠭᠤᠳ ᠤᠨ ᠳᠡᠮᠵᠢᠯᠭᠡ ᠲᠡᠢ ᠪᠡᠷ ᠲᠥᠷᠥ᠂ ᠬᠤᠪ ᠤᠨ ᠬᠡᠪᠰᠢᠯ ᠤᠨ ᠲᠦᠩᠰᠢᠯᠡᠯ ᠤᠨ ᠬᠦᠷᠢᠶᠡᠨ ᠊ᠳᠦ ᠮᠣᠩᠭᠣᠯ ᠤᠨ ᠫᠷᠣᠭᠷᠠᠮ ᠬᠠᠩᠭᠠᠮᠵᠢ ᠦᠢᠯᠡᠳᠪᠦᠷᠢᠯᠡᠭᠴᠢᠳ ᠤᠨ ᠬᠣᠯᠪᠣᠭ᠎ᠠ ᠲᠥᠷᠥ ᠊ᠢᠢᠨ ᠪᠤᠰᠤ ᠪᠠᠶᠢᠭᠤᠯᠤᠯᠭ᠎ᠠ᠂ ᠭᠡᠰᠢᠭᠦᠨ ᠪᠠᠶᠢᠭᠤᠯᠤᠯᠭ᠎ᠠ ᠨᠤᠭᠤᠳ ᠪᠣᠯᠬᠤ ᠦᠨᠳᠦᠰᠦᠨ ᠊ᠤ ᠫᠷᠣᠭᠷᠠᠮ ᠬᠠᠩᠭᠠᠮᠵᠢ ᠦᠢᠯᠡᠳᠪᠦᠷᠢᠯᠡᠭᠴᠢ ᠒᠐ ᠭᠠᠷᠤᠢ ᠺᠣᠮᠫᠠᠨᠢ ᠨᠤᠭᠤᠳ ᠤᠨ ᠣᠷᠣᠯᠴᠠᠭ᠎ᠠ ᠲᠠᠢ ᠪᠠᠷ 《ᠴᠠᠬᠢᠮ ᠊ᠳᠤ ᠬᠡᠪᠰᠢᠶ᠎ ᠡ》 ᠠᠷᠭ᠎ᠠ ᠬᠡᠮᠵᠢᠶ᠎ᠡ ᠊ᠢᠢ ᠪᠦᠰᠡᠴᠢᠯᠡᠭᠰᠡᠨ ᠪᠠᠶᠢᠳᠠᠯ ᠊ᠢᠢᠠᠷ ᠒᠑ ᠠᠶᠢᠮᠠᠭ ᠲᠤ ᠦᠶ᠎ᠡ ᠱᠠᠲᠤ ᠲᠠᠢ ᠬᠡᠷᠡᠭᠵᠢᠭᠦᠯᠵᠦ ᠪᠤᠢ᠃

《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠢᠢᠨ ᠬᠡᠷᠡᠭᠵᠢᠯᠲᠡ ᠊ᠢᠢ ᠣᠷᠣᠨ ᠨᠤᠲᠤᠭ ᠲᠤ ᠡᠷᠴᠢᠮᠵᠢᠭᠦᠯᠬᠦ᠂ ᠪᠦᠬᠦ ᠨᠡᠶᠢᠲᠡ ᠊ᠢᠢᠨ ᠴᠠᠬᠢᠮ ᠤᠷ᠎ᠠ ᠴᠢᠳᠠᠪᠤᠷᠢ ᠊ᠢᠢ ᠳᠡᠭᠡᠭᠰᠢᠯᠡᠭᠦᠯᠬᠦ᠂ ᠲᠥᠷᠥ ᠊ᠢᠢᠨ ᠴᠠᠬᠢᠮ ᠦᠢᠯᠡᠴᠢᠯᠡᠭᠡᠨ ᠊ᠤ ᠴᠢᠨᠠᠷ ᠬᠦᠷᠲᠡᠭᠡᠮᠵᠢ ᠊ᠢᠢ ᠨᠡᠮᠡᠭᠳᠡᠭᠦᠯᠬᠦ ᠵᠣᠷᠢᠯᠭ᠎ᠠ ᠪᠦᠬᠦᠢ ᠲᠤᠰ ᠠᠷᠭ᠎ᠠ ᠬᠡᠮᠵᠢᠶ᠎ᠡ ᠬᠡᠨᠲᠡᠢ ᠠᠶᠢᠮᠠᠭ ᠲᠤ (᠒᠐᠒᠔.᠐᠔.᠑᠕) ᠵᠣᠬᠢᠶᠠᠨ ᠪᠠᠶᠢᠭᠤᠯᠤᠭᠳᠠᠯ᠎ᠠ᠃

ᠠᠷᠭ᠎ᠠ ᠬᠡᠮᠵᠢᠶᠡᠨ ᠊ᠤ ᠬᠦᠷᠢᠶᠡᠨ ᠊ᠳᠦ᠄

✅ᠲᠥᠷᠦ ᠊ᠢᠢᠨ ᠦᠢᠯᠡᠴᠢᠯᠡᠭᠡ ᠊ᠢᠢ ᠴᠠᠬᠢᠮᠵᠢᠭᠤᠯᠬᠤ ᠰᠢᠢᠳᠦᠯ ᠪᠦᠬᠦᠢ ᠲᠥᠷᠦ ᠊ᠢᠢᠨ ᠪᠣᠯᠤᠨ ᠬᠤᠪ ᠤᠨ ᠬᠡᠪᠰᠢᠯ ᠤᠨ ᠤᠳᠤᠷᠢᠳᠤᠯᠭ᠎ᠠ ᠨᠤᠭᠤᠳ ᠲᠠᠢ ᠨᠢᠭᠡᠳᠦᠭᠰᠡᠨ ᠠᠭᠤᠯᠵᠠᠯᠲᠠ᠂ ᠬᠤᠷᠠᠯ

✅ᠣᠷᠣᠨ ᠨᠤᠲᠤᠭ ᠤᠨ ᠵᠢᠵᠢᠭ᠂ ᠳᠤᠮᠳᠠ ᠪᠢᠽᠢᠨ᠋ᠧᠰ ᠡᠷᠡᠬᠯᠡᠭᠴᠢᠳ ᠲᠡᠢ ᠬᠠᠮᠲᠤ ᠊ᠢᠢᠨ ᠠᠵᠢᠯᠯᠠᠭ᠎ᠠ ᠢᠢ ᠡᠬᠢᠯᠡᠭᠦᠯᠬᠦ ᠰᠤᠷᠭᠠᠯᠲᠠ

✅ᠠᠬᠠᠯᠠᠬᠤ ᠠᠩᠬᠢ ᠊ᠢᠢᠨ ᠪᠣᠯᠤᠨ ᠺᠣᠯᠯᠧᠵᠢ᠂ ᠮᠡᠷᠭᠡᠵᠢᠯ ᠤᠨ ᠰᠤᠷᠭᠠᠯᠲᠠ ᠦᠢᠯᠡᠳᠪᠦᠷᠢᠯᠡᠯ ᠤᠨ ᠲᠥᠪ ᠤᠨ ᠰᠤᠷᠤᠭᠴᠢᠳ ᠲᠤ ᠮᠡᠳᠡᠭᠡᠯᠡᠯ ᠤᠨ ᠲᠧᠭᠨᠣᠯᠣᠭᠢ ᠊ᠢᠢᠨ ᠮᠡᠷᠭᠡᠵᠢᠯ ᠤᠨ ᠣᠨᠴᠠᠯᠢᠭ᠂ ᠮᠡᠷᠭᠡᠵᠢᠯ ᠰᠣᠩᠭᠣᠯᠲᠠ ᠊ᠢᠢᠨ ᠲᠠᠯ᠎ᠠ ᠪᠠᠷ ᠬᠢᠴᠢᠶᠡᠯ᠂ ᠰᠤᠷᠭᠠᠯᠲᠠ

✅ᠬᠡᠨᠲᠡᠢ ᠠᠶᠢᠮᠠᠭ ᠤᠨ ᠲᠥᠷᠦ ᠊ᠢᠢᠨ ᠠᠯᠪᠠᠨ ᠬᠠᠭᠠᠭᠴᠢᠳ᠂ ᠢᠷᠭᠡᠳ᠂ ᠣᠯᠠᠨ ᠨᠡᠶᠢᠲᠡ᠂ ᠪᠢᠽᠢᠨ᠋ᠧᠰ ᠡᠷᠬᠢᠯᠡᠭᠴᠢᠳ ᠲᠦ ᠵᠣᠷᠢᠭᠤᠯᠤᠭᠰᠠᠨ ᠮᠡᠳᠡᠭᠡᠯᠡᠯ ᠤᠨ ᠲᠧᠭᠨᠣᠯᠣᠭᠢ ᠊ᠢᠢᠨ ᠦᠵᠡᠰᠬᠢᠯᠡᠨ ᠬᠤᠳᠠᠯᠳᠤᠭ᠎ᠠ ᠨᠢᠭᠡᠨ ᠵᠡᠷᠭᠡ ᠵᠣᠬᠢᠶᠠᠨ ᠪᠠᠶᠢᠭᠤᠯᠤᠭᠳᠠᠯ᠎ᠠ᠃

ᠮᠥᠨ ᠴᠠᠬᠢᠮ ᠬᠥᠭᠵᠢᠯ ᠤᠨ ᠡᠳᠦᠷᠯᠢᠭ ᠤᠨ ᠬᠦᠷᠢᠶᠡᠨ ᠊ᠳᠦ ᠬᠡᠦᠬᠡᠳ᠂ ᠵᠠᠯᠠᠭᠤᠰ ᠤᠨ ᠴᠠᠬᠢᠮ ᠣᠷᠴᠢᠨ ᠊ᠤ ᠵᠥᠪ ᠬᠡᠷᠡᠭᠯᠡᠭᠡ᠂ ᠲᠧᠭᠨᠣᠯᠣᠭᠢ ᠊ᠢᠢᠨ ᠳᠡᠪᠰᠢᠯ ᠤᠨ ᠲᠠᠯᠠᠭᠠᠷᠬᠢ ᠣᠶᠢᠯᠠᠭᠠᠯᠲᠠ ᠊ᠢᠢ ᠨᠡᠮᠡᠭᠳᠡᠭᠦᠯᠬᠦ ᠵᠣᠷᠢᠯᠭ᠎ᠠ ᠪᠠᠷ 《ᠵᠠᠯᠠᠭᠤᠰ ᠪᠠ ᠲᠧᠭᠨᠣᠯᠣᠭᠢ》 ᠵᠠᠭᠪᠤᠷ ᠤᠨ ᠱᠣᠤ ᠵᠣᠬᠢᠶᠠᠨ ᠪᠠᠶᠢᠭᠤᠯᠵᠤ᠂ ᠰᠢᠯᠢᠳᠡᠭ ᠑᠒ ᠪᠦᠲᠦᠭᠡᠯ ᠊ᠢ ᠰᠢᠯᠭᠠᠷᠠᠭᠤᠯᠵᠤ᠂ ᠱᠠᠩᠨᠠᠵᠤ ᠤᠷᠮᠠᠰᠢᠭᠤᠯᠪᠠ᠃

ᠬᠡᠨᠲᠡᠢ ᠠᠶᠢᠮᠠᠭ ᠙ ᠪᠠᠶᠢᠭᠤᠯᠤᠯᠭ᠎ᠠ ᠊ᠢᠢᠨ ᠗᠑ ᠲᠥᠷᠥᠯ ᠤᠨ ᠦᠢᠯᠡᠴᠢᠯᠡᠭᠡ ᠊ᠢᠢ ᠢ-ᠮᠣᠩᠭᠣᠯ ᠰᠢᠰᠲ᠋ᠧᠮ ᠊ᠢᠢᠡᠷ ᠳᠠᠮᠵᠢᠭᠤᠯᠤᠨ ᠢᠷᠭᠡᠳ ᠲᠦ ᠦᠵᠡᠭᠦᠯᠵᠦ ᠪᠠᠶᠢᠭ᠎ᠠ ᠪᠥᠭᠡᠳ ᠲᠤᠰ ᠰᠢᠰᠲ᠋ᠧᠮ ᠊ᠳᠦ ᠠᠶᠢᠮᠠᠭ ᠤᠨ ᠓᠖ ᠮᠢᠩᠭ᠎ᠠ ᠭᠠᠷᠤᠢ ᠢᠷᠭᠡᠨ ᠪᠦᠷᠢᠳᠬᠡᠯ ᠲᠡᠢ ᠪᠠᠶᠢᠨ᠎ᠠ᠃

ᠨᠡᠶᠢᠲᠡᠯᠡᠭᠰᠡᠨ᠄