《ᠴᠠᠬᠢᠮ ᠊ᠳᠤ ᠬᠡᠪᠰᠢᠶ᠎ ᠡ》 ᠮᠡᠳᠡᠭᠡᠯᠡᠯ ᠲᠧᠭᠨᠣᠯᠣᠭᠢ ᠊ᠢᠢᠨ ᠨᠢᠭᠡᠳᠦᠭᠰᠡᠨ ᠠᠷᠭ᠎ᠠ ᠬᠡᠮᠵᠢᠶ᠎ᠡ ᠪᠠᠶᠠᠨ-ᠥᠯᠥᠭᠡᠢ ᠠᠶᠢᠮᠠᠭ ᠲᠤ ᠡᠬᠢᠯᠡᠯ᠎ᠡ


ᠦᠨᠳᠦᠰᠦᠨ ᠊ᠤ ᠬᠡᠮᠵᠢᠶᠡᠨ ᠊ᠳᠦ ᠣᠷᠣᠨ ᠨᠤᠲᠤᠭ ᠳ᠋ᠠᠬᠢ ᠴᠠᠬᠢᠮ ᠰᠢᠯᠵᠢᠯᠲᠡ ᠊ᠢᠢ ᠡᠷᠴᠢᠮᠵᠢᠭᠦᠯᠬᠦ᠂ ᠼᠠ᠊ ᠬᠥ᠊ ᠬᠠ᠊ ᠬᠣ᠊ ᠶᠠ᠊ ᠍ ᠡᠴᠠ ᠪᠠᠲᠤᠯᠠᠭᠰᠠᠨ 《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢ ᠬᠡᠷᠡᠭᠵᠢᠭᠦᠯᠬᠦ ᠳᠦ ᠪᠣᠳᠣᠯᠭ᠎ᠠ ᠊ᠢᠢᠨ ᠳᠡᠮᠵᠢᠯᠭᠡ ᠦᠵᠡᠭᠦᠯᠬᠦ᠂ ᠲᠥᠷᠦ ᠬᠤᠪ ᠤᠨ ᠬᠡᠪᠰᠢᠯ ᠤᠨ ᠲᠦᠩᠰᠢᠯᠡᠯ ᠤᠨ ᠬᠦᠷᠢᠶᠡᠨ ᠊ᠳᠦ ᠪᠦᠰᠡᠴᠢᠯᠡᠭᠰᠡᠨ ᠪᠠᠶᠢᠳᠠᠯ ᠊ᠢᠢᠠᠷ ᠬᠠᠮᠲᠤᠷᠠᠨ ᠵᠣᠬᠢᠶᠠᠨ ᠪᠠᠶᠢᠭᠤᠯᠵᠤ ᠪᠤᠢ 《ᠴᠠᠬᠢᠮ ᠬᠥᠭᠵᠢᠯ ᠤᠨ ᠡᠳᠦᠷᠯᠢᠭ》 ᠮᠡᠳᠡᠭᠡᠯᠡᠯ ᠲᠧᠭᠨᠣᠯᠣᠭᠢ ᠊ᠢᠢᠨ ᠨᠢᠭᠡᠳᠦᠭᠰᠡᠨ ᠠᠷᠭ᠎ᠠ ᠬᠡᠮᠵᠢᠶ᠎ᠡ ᠪᠠᠶᠠᠨ ᠥᠯᠥᠭᠡᠢ ᠠᠶᠢᠮᠠᠭ ᠲᠤ ᠥᠨᠥᠳᠥᠷ (᠒᠐᠒᠔.᠐᠔.0᠘) ᠡᠬᠢᠯᠡᠯ᠎ᠡ᠃

ᠮᠣᠩᠭᠣᠯ ᠤᠯᠤᠰ ᠤᠨ ᠪᠦᠰᠡᠴᠢᠯᠡᠭᠰᠡᠨ ᠬᠥᠭᠵᠢᠯ ᠤᠨ ᠦᠵᠡᠯ ᠪᠠᠷᠢᠮᠲᠠᠯᠠᠯ ᠊ᠳᠤ ᠨᠡᠶᠢᠴᠡᠭᠦᠯᠦᠨ᠂ ᠴᠠᠬᠢᠮ ᠰᠢᠯᠵᠢᠯᠲᠡ ᠊ᠢᠢ ᠒᠑ ᠠᠶᠢᠮᠠᠭ ᠲᠤ ᠦᠶ᠎ᠡ ᠱᠠᠲᠤ ᠲᠠᠢ ᠡᠷᠴᠢᠮᠵᠢᠭᠦᠯᠬᠦ ᠳᠦ ᠨᠢᠭᠡᠳᠦᠭᠰᠡᠨ ᠪᠣᠳᠣᠯᠭ᠎ᠠ᠂ ᠲᠥᠯᠥᠪᠯᠡᠯᠲᠡ᠂ ᠤᠳᠤᠷᠢᠳᠤᠯᠭ᠎ᠠ ᠪᠠᠷ ᠬᠠᠩᠭᠠᠵᠤ᠂ ᠲᠥᠷᠥ ᠊ᠢᠢᠨ ᠦᠢᠯᠡᠴᠢᠯᠡᠭᠡ ᠊ᠢᠢ ᠲᠦᠷᠭᠡᠨ ᠰᠢᠭᠤᠷᠬᠠᠢ᠂ ᠬᠠᠷᠢᠭᠤᠴᠠᠯᠭ᠎ᠠ ᠲᠠᠢ᠂ ᠬᠦᠷᠲᠡᠭᠡᠮᠵᠢᠲᠡᠢ ᠬᠦᠷᠭᠡᠬᠦ ᠨᠥᠬᠥᠴᠡᠯ ᠊ᠢ ᠪᠦᠷᠢᠳᠦᠭᠦᠯᠬᠦ᠂ ᠢᠷᠭᠡᠳ ᠤᠨ ᠴᠠᠬᠢᠮ ᠤᠷ᠎ᠠ ᠴᠢᠳᠠᠪᠤᠷᠢ ᠊ᠢᠢ ᠳᠡᠭᠡᠭᠰᠢᠯᠡᠭᠦᠯᠬᠦ ᠵᠣᠷᠢᠯᠭ᠎ᠠ ᠪᠦᠬᠦᠢ ᠠᠵᠢᠯ ᠤᠨ ᠬᠡᠰᠡᠭ ᠊ᠢ ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠠᠬᠠᠯᠠᠨ ᠠᠵᠢᠯᠯᠠᠵᠤ ᠪᠠᠶᠢᠨ᠎ᠠ᠃

《ᠴᠠᠬᠢᠮ ᠊ᠳᠤ ᠬᠡᠪᠰᠢᠶ ᠎ᠡ》 ᠤᠷᠢᠶ᠎ᠠ ᠲᠠᠢ ᠡᠨᠡᠬᠦ ᠡᠳᠦᠷᠯᠢᠭ ᠤᠨ ᠬᠦᠷᠢᠶᠡᠨ ᠊ᠳᠦ ᠪᠠᠶᠠᠨ-ᠥᠯᠥᠭᠡᠢ ᠠᠶᠢᠮᠠᠭ ᠤᠨ ᠽᠠ᠊ ᠳᠠ᠊ ᠲᠠ᠊ ᠭᠠ᠊- ᠤᠨ ᠤᠳᠤᠷᠢᠳᠬᠤ ᠠᠯᠪᠠᠨ ᠲᠤᠰᠢᠶᠠᠯᠲᠠᠨ᠂ ᠲᠥᠷᠦ ᠊ᠢᠢᠨ ᠪᠣᠯᠤᠨ ᠬᠤᠪ ᠤᠨ ᠬᠡᠪᠰᠢᠯ ᠤᠨ ᠪᠠᠶᠢᠭᠤᠯᠤᠯᠭ᠎ᠠ ᠊ᠢᠢᠨ ᠤᠳᠤᠷᠢᠳᠤᠯᠭ᠎ᠠ ᠨᠤᠭᠤᠳ᠂ ᠢᠷᠭᠡᠳ᠂ ᠣᠯᠠᠨ ᠊ᠳᠤ ᠼᠠ᠊ ᠬᠥ᠊ ᠬᠠ᠊ ᠬᠣ᠊ ᠶᠠ᠊ ᠪᠣᠯᠤᠨ ᠬᠠᠷᠢᠶ᠎ᠠ᠂ ᠰᠠᠯᠪᠤᠷᠢ ᠪᠠᠶᠢᠭᠤᠯᠤᠯᠭ᠎ᠠ ᠨᠤᠭᠤᠳ ᠥᠪᠡᠷᠰᠡᠳ ᠤᠨ ᠦᠢᠯᠡ ᠠᠵᠢᠯᠯᠠᠭ᠎ᠠ᠂ ᠦᠢᠯᠡᠴᠢᠯᠡᠭᠡᠨ ᠊ᠤ ᠰᠢᠨ᠎ᠡ ᠰᠢᠰᠲ᠋ᠧᠮ ᠨᠡᠪᠲᠡᠷᠡᠭᠦᠯᠬᠦ ᠪᠣᠯᠤᠮᠵᠢ ᠊ᠢᠢᠨ ᠲᠠᠯ᠎ᠠ ᠪᠠᠷ ᠲᠠᠨᠢᠯᠴᠠᠭᠤᠯᠭ᠎ᠠ᠂ ᠮᠡᠳᠡᠭᠡᠯᠡᠯ ᠬᠢᠵᠦ᠂ ᠰᠤᠷᠭᠠᠯᠲᠠ ᠵᠣᠬᠢᠶᠠᠨ ᠪᠠᠶᠢᠭᠤᠯᠬᠤ ᠡᠴᠠ ᠭᠠᠳᠠᠨ᠎ᠠ ᠢᠷᠭᠡᠳ᠂ ᠣᠯᠠᠨ ᠨᠡᠶᠢᠲᠡ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠊ᠢᠢᠨ ᠪᠠᠭᠰᠢ᠂ ᠠᠬᠠᠯᠠᠬᠤ ᠠᠩᠭᠢ ᠊ᠢᠢᠨ ᠰᠤᠷᠤᠭᠴᠢᠳ ᠲᠤ ᠵᠣᠷᠢᠭᠤᠯᠤᠭᠰᠠᠨ ᠴᠠᠬᠢᠮ ᠤᠷ᠎ᠠ ᠴᠢᠳᠠᠪᠤᠷᠢ ᠊ᠢᠢᠨ ᠰᠤᠷᠭᠠᠯᠲᠠ ᠵᠣᠬᠢᠶᠠᠨ ᠪᠠᠶᠢᠭᠤᠯᠵᠤ᠂ ᠵᠢᠵᠢᠭ ᠳᠤᠮᠳᠠ ᠪᠢᠽᠢᠨ᠋ᠧᠰ ᠡᠷᠬᠢᠯᠡᠭᠴᠢ᠂ ᠠᠵᠤ ᠠᠬᠤᠢ ᠊ᠢᠢᠨ ᠨᠢᠭᠡᠴᠡ ᠨᠦᠭᠦᠳ ᠲᠦ 《ᠮᠣᠩᠭᠣᠯ ᠤᠨ ᠫᠷᠣᠭᠷᠠᠮ ᠬᠠᠩᠭᠠᠮᠵᠢ ᠦᠢᠯᠡᠳᠪᠦᠷᠢᠯᠡᠭᠴᠢᠳ ᠤᠨ ᠬᠣᠯᠪᠣᠭ᠎ᠠ》 ᠲᠥᠷᠦ ᠊ᠢᠢᠨ ᠪᠤᠰᠤ ᠪᠠᠶᠢᠭᠤᠯᠤᠯᠭ᠎ᠠ ᠊ᠢᠢᠨ ᠭᠡᠰᠢᠭᠦᠨ ᠒᠒ ᠪᠠᠶᠢᠭᠤᠯᠤᠯᠭ᠎ᠠ ᠦᠢᠯᠡ ᠠᠵᠢᠯᠯᠠᠭ᠎ᠠ᠂ ᠪᠦᠲᠦᠭᠡᠭᠳᠡᠬᠦᠨ ᠦᠢᠯᠡᠴᠢᠯᠡᠭᠡ ᠪᠡᠨ ᠲᠠᠨᠢᠯᠴᠠᠭᠤᠯᠤᠨ᠂ ᠮᠡᠷᠭᠡᠵᠢᠯ ᠠᠷᠭ᠎ᠠ ᠵᠦᠢ ᠊ᠢᠢᠨ ᠵᠥᠪᠯᠡᠨ ᠲᠤᠰᠠᠯᠠᠬᠤ ᠦᠢᠯᠡᠴᠢᠯᠡᠭᠡ ᠦᠵᠡᠭᠦᠯᠵᠦ ᠪᠠᠶᠢᠨ᠎ᠠ᠃

ᠨᠡᠶᠢᠲᠡᠯᠡᠭᠰᠡᠨ᠄