《ᠲᠥᠷᠦ ᠊ᠢᠢᠨ ᠪᠦᠲᠦᠭᠡᠮᠵᠢ ᠊ᠢᠢᠨ ᠰᠡᠷᠭᠦᠯᠲᠡ- ᠡᠷᠡᠭᠦᠯ ᠮᠡᠨᠳᠦ ᠊ᠢᠢᠨ ᠰᠠᠯᠪᠤᠷᠢ ᠊ᠢᠢᠨ ᠴᠠᠬᠢᠮ ᠰᠢᠯᠵᠢᠯᠲᠡ》 ᠦᠨᠳᠦᠰᠦᠨ ᠊ᠤ ᠵᠥᠪᠯᠡᠯ ᠊ᠳᠦ ᠬᠢ ᠠᠭᠤᠯᠵᠠᠯᠲᠠ ᠪᠣᠯᠵᠤ ᠪᠠᠶᠢᠨ᠎ᠠ


ᠴᠠᠬᠢᠮ ᠬᠥᠭᠵᠢᠯ᠂ ᠬᠠᠷᠢᠯᠴᠠᠭ᠎ᠠ᠂ ᠬᠣᠯᠪᠣᠭᠠᠨ ᠊ᠤ ᠶᠠᠮᠤ᠂ ᠡᠷᠡᠭᠦᠯ ᠮᠡᠨᠳᠦ ᠊ᠢᠢᠨ ᠶᠠᠮᠤ᠂ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠬᠡᠦᠬᠡᠳ ᠤᠨ ᠰᠠᠨ ᠬᠠᠮᠲᠤᠷᠠᠨ 《ᠲᠥᠷᠦ ᠊ᠢᠢᠨ ᠪᠦᠲᠦᠭᠡᠮᠵᠢ ᠊ᠢᠢᠨ ᠰᠡᠷᠭᠦᠯᠲᠡ- ᠡᠷᠡᠭᠦᠯ ᠮᠡᠨᠳᠦ ᠊ᠢᠢᠨ ᠰᠠᠯᠪᠤᠷᠢ ᠊ᠢᠢᠨ ᠴᠠᠬᠢᠮ ᠰᠢᠯᠵᠢᠯᠲᠡ》 ᠦᠨᠳᠦᠰᠦᠨ ᠊ᠤ ᠵᠥᠪᠯᠡᠯ ᠊ᠳᠦ ᠬᠢ ᠠᠭᠤᠯᠵᠠᠯᠲᠠ ᠊ᠢᠢ ᠵᠣᠬᠢᠶᠠᠨ ᠪᠠᠶᠢᠭᠤᠯᠵᠤ ᠪᠠᠶᠢᠨ᠎ᠠ᠃ ᠠᠭᠤᠯᠵᠠᠯᠲᠠ ᠊ᠳᠤ ᠲᠤᠰ ᠶᠠᠮᠤᠳ ᠤᠨ ᠲᠥᠯᠦᠭᠡᠯᠡᠯ ᠪᠣᠯᠤᠨ ᠠᠽᠢᠶ᠎ᠠ ᠊ᠢᠢᠨ ᠴᠠᠬᠢᠮ ᠡᠷᠡᠭᠦᠯ ᠮᠡᠨᠳᠦ ᠊ᠢᠢᠨ ᠬᠣᠯᠪᠣᠭᠠᠨ ᠊ᠤ ᠲᠥᠯᠦᠭᠡᠯᠡᠯ᠂ ᠨᠡᠶᠢᠰᠯᠡᠯ᠂ ᠣᠷᠣᠨ ᠨᠤᠲᠤᠭ ᠤᠨ ᠡᠷᠡᠭᠦᠯ ᠮᠡᠨᠳᠦ ᠊ᠢᠢᠨ ᠪᠠᠶᠢᠭᠤᠯᠤᠯᠭ᠎ᠠ ᠨᠤᠭᠤᠳ ᠤᠨ ᠤᠳᠤᠷᠢᠳᠤᠯᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠮᠡᠷᠭᠡᠵᠢᠯᠲᠡᠨ ᠨᠦᠭᠦᠳ ᠣᠷᠣᠯᠴᠠᠵᠤ ᠪᠠᠶᠢᠨ᠎ᠠ᠃

ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ ᠲᠤᠰ ᠠᠭᠤᠯᠵᠠᠯᠲᠠ ᠊ᠳᠤ ᠣᠷᠣᠯᠴᠠᠭᠴᠢᠳ ᠲᠤ ᠵᠣᠷᠢᠭᠤᠯᠤᠨ ᠢᠯᠡᠭᠡᠯᠲᠡ ᠢᠷᠡᠭᠦᠯᠦᠭᠰᠡᠨ ᠊ᠢ ᠠᠭᠤᠯᠵᠠᠯᠲᠠ ᠊ᠢᠢᠨ ᠡᠬᠢᠨ ᠊ᠳᠦ ᠶᠡᠷᠦᠩᠬᠡᠢ ᠰᠠᠶᠢᠳ ᠤᠨ ᠨᠡᠶᠢᠭᠡᠮ ᠤᠨ ᠪᠣᠳᠣᠯᠭ᠎ᠠ ᠢᠢᠨ ᠵᠥᠪᠯᠡᠬᠦ ᠴ ∙ ᠪᠣᠯᠣᠷᠲᠤᠶᠠᠭ᠎ᠠ ᠤᠩᠰᠢᠵᠤ ᠲᠠᠨᠢᠯᠴᠠᠭᠤᠯᠤᠯ᠎ᠠ᠃

ᠼᠠ᠊ ᠬᠥ᠊ ᠬᠠ᠊ ᠬᠣ᠊- ᠍᠊ᠤ ᠰᠠᠶᠢᠳ ᠨ ∙ ᠤᠴᠠᠷᠠᠯ 《ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠪᠣᠳᠣᠯᠭ᠎ᠠ》 ᠰᠡᠳᠦᠪ ᠊ᠢᠢᠡᠷ ᠢᠯᠡᠳᠬᠡᠯ ᠲᠠᠯᠪᠢᠭᠰᠠᠨ ᠶᠤᠮ᠃ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠵᠠᠬᠢᠷᠤᠮᠵᠢ ᠪᠠᠷ ᠡᠷᠡᠭᠦᠯ ᠮᠡᠨᠳᠦ ᠊ᠢᠢᠨ ᠰᠠᠯᠪᠤᠷᠢ ᠳᠤ ᠴᠠᠬᠢᠮ ᠰᠢᠯᠵᠢᠯᠲᠡ ᠊ᠢᠢ ᠡᠷᠴᠢᠮᠵᠢᠭᠦᠯᠬᠦ ᠠᠵᠢᠯ ᠤᠨ ᠬᠦᠷᠢᠶᠡᠨ ᠊ᠳᠦ ᠰᠢᠰᠲ᠋ᠧᠮ ᠬᠣᠭᠣᠷᠣᠨᠳᠣ ᠮᠡᠳᠡᠭᠡᠯᠡᠯ ᠰᠣᠯᠢᠯᠴᠠᠬᠤ ᠪᠣᠯᠤᠮᠵᠢ ᠊ᠢᠢ ᠪᠦᠷᠢᠳᠦᠭᠦᠯᠬᠦ ᠠᠰᠠᠭᠤᠳᠠᠯ ᠊ᠢ ᠰᠤᠳᠤᠯᠵᠤ ᠰᠠᠨᠠᠯ ᠪᠣᠯᠪᠠᠰᠤᠷᠠᠭᠤᠯᠬᠤ ᠠᠵᠢᠯ ᠤᠨ ᠬᠡᠰᠡᠭ ᠪᠠᠶᠢᠭᠤᠯᠤᠭᠳᠠᠭᠰᠠᠨ᠃ ᠡᠨᠡ ᠬᠦᠷᠢᠶᠡᠨ ᠊ᠳᠦ ᠡᠷᠡᠭᠦᠯ ᠮᠡᠨᠳᠦ ᠊ᠢᠢᠨ ᠰᠠᠯᠪᠤᠷᠢ ᠊ᠳᠤ ᠢᠳᠡᠪᠬᠢᠲᠡᠢ ᠦᠢᠯᠡ ᠠᠵᠢᠯᠯᠠᠭ᠎ᠠ ᠶᠠᠪᠤᠭᠤᠯᠵᠤ ᠪᠤᠢ ᠫᠷᠣᠭᠷᠠᠮ ᠬᠠᠩᠭᠠᠮᠵᠢ ᠦᠢᠯᠡᠳᠪᠦᠷᠢᠯᠡᠭᠴᠢ ᠠ᠊ ᠠ᠊ ᠨ᠊  ᠲᠡᠢ ᠬᠠᠮᠲᠤᠷᠠᠨ ᠠᠵᠢᠯᠯᠠᠵᠤ᠂ ᠡᠷᠡᠭᠦᠯ ᠮᠡᠨᠳᠦ ᠊ᠢᠢᠨ ᠲᠥᠷᠦᠯᠵᠢᠭᠰᠡᠨ ᠮᠡᠳᠡᠭᠡᠯᠡᠯ ᠤᠨ ᠰᠠᠩ ᠊ᠢ ᠪᠣᠳᠠᠲᠤ ᠴᠠᠭ ᠤᠨ ᠭᠣᠷᠢᠮ ᠊ᠳᠤ ᠨᠢᠭᠡᠳᠬᠡᠬᠦ ᠨᠥᠬᠥᠴᠡᠯ ᠊ᠢ ᠪᠦᠷᠢᠳᠦᠭᠦᠯᠵᠦ᠂ ᠦᠨᠳᠦᠰᠦᠨ ᠰᠢᠰᠲ᠋ᠧᠮ 《ᠬᠤᠷ》 ᠍ ᠲᠠᠢ ᠬᠣᠯᠪᠣᠭᠳᠠᠨ᠂ ᠢᠷᠭᠡᠨ ᠊ᠤ ᠵᠥᠪᠰᠢᠶᠡᠷᠡᠯ ᠊ᠢᠢᠡᠷ ᠡᠷᠡᠭᠦᠯ ᠮᠡᠨᠳᠦ ᠊ᠢᠢᠨ ᠪᠠᠶᠢᠭᠤᠯᠤᠯᠭ᠎ᠠ ᠬᠣᠭᠣᠷᠣᠨᠳᠣ ᠡᠷᠡᠭᠦᠯ ᠮᠡᠨᠳᠦ ᠊ᠢᠢᠨ ᠮᠡᠳᠡᠭᠡᠯᠡᠯ ᠊ᠢ ᠳᠠᠮᠵᠢᠭᠤᠯᠬᠤ ᠪᠣᠯᠤᠮᠵᠢ ᠲᠠᠢ ᠪᠣᠯᠤᠭᠰᠠᠨ᠃

ᠮᠥᠨ ᠲᠥᠷᠥ ᠊ᠢᠢᠨ ᠴᠠᠬᠢᠮ ᠦᠢᠯᠡᠴᠢᠯᠡᠭᠡᠨ ᠊ᠤ ᠨᠢᠭᠡᠳᠦᠭᠰᠡᠨ ᠰᠢᠰᠲ᠋ᠧᠮ ᠢ-ᠮᠣᠩᠭᠣᠯ ᠊ᠳᠦ ᠡᠷᠡᠭᠦᠯ ᠮᠡᠨᠳᠦ ᠊ᠢᠢᠨ ᠨᠡᠩ ᠱᠠᠭᠠᠷᠳᠠᠯᠭ᠎ᠠ ᠲᠠᠢ 《ᠡᠮ ᠤᠨ ᠵᠣᠷ》᠂ 《ᠰᠢᠨᠵᠢᠯᠡᠭᠡᠨ ᠊ᠤ ᠬᠠᠷᠢᠭᠤ》᠂ 《ᠳᠦᠷᠰᠦ ᠣᠨᠣᠰᠢᠯᠠᠭᠠᠨ ᠊ᠤ ᠳ᠋ᠦᠩᠨᠡᠯᠲᠡ》᠂ 《ᠬᠡᠦᠬᠡᠳ ᠤᠨ ᠤᠷᠢᠳᠴᠢᠯᠠᠨ ᠰᠡᠷᠭᠡᠶᠢᠯᠡᠬᠦ ᠲᠠᠷᠢᠯᠭ᠎ᠠ ᠊ᠢᠢᠨ ᠭᠡᠷᠡᠴᠢᠯᠡᠭᠡ》᠂ 《ᠠᠮᠪᠤᠶᠢᠯᠠᠲ᠋ᠣᠷᠢ ᠪᠠᠷ ᠡᠮᠴᠢᠯᠡᠭᠦᠯᠦᠭᠴᠢᠳ ᠤᠨ ᠺᠠᠷᠲ》᠂ 《ᠵᠢᠷᠮᠦᠰᠦᠨ ᠡᠮᠡᠭᠲᠡᠢ ᠊ᠢᠢᠨ ᠬᠢᠨᠠᠯᠲᠠ ᠊ᠢᠢᠨ ᠬᠥᠲᠥᠴᠢ ᠺᠠᠷᠲ》᠂ 《ᠡᠬᠡ᠂ ᠬᠡᠦᠬᠡᠳ ᠤᠨ ᠡᠷᠡᠭᠦᠯ ᠮᠡᠨᠳᠦ ᠊ᠢᠢᠨ ᠳᠡᠪᠲᠡᠷ》 ᠍ ᠢ ᠴᠠᠬᠢᠮ ᠬᠡᠯᠪᠡᠷᠢ ᠊ᠳᠦ ᠰᠢᠯᠵᠢᠭᠦᠯᠦᠨ᠂ ᠕ ᠍ ᠳᠤᠭᠠᠷ ᠰᠠᠷ᠎ᠠ ᠊ᠢᠢᠨ ᠔ ᠍ ᠡᠴᠡ ᠡᠮᠦᠨ᠎ᠡ ᠪᠦᠷᠢᠨ ᠨᠡᠪᠲᠡᠷᠡᠭᠦᠯᠬᠦ ᠪᠡᠷ ᠠᠵᠢᠯᠯᠠᠵᠤ ᠪᠠᠶᠢᠨ᠎ᠠ᠃ ᠢᠩᠭᠢᠭᠰᠡᠨ ᠊ᠢᠢᠡᠷ ᠢᠷᠭᠡᠳ ᠴᠠᠭ᠂ ᠮᠥᠩᠭᠥ ᠪᠡᠨ ᠬᠡᠮᠨᠡᠬᠦ᠂ ᠬᠦᠨᠳᠦ ᠰᠤᠷᠲᠠᠯ᠂ ᠠᠯᠢᠪᠠ ᠡᠷᠦᠰᠳᠡᠯ ᠊ᠢ ᠪᠠᠭᠤᠷᠠᠭᠤᠯᠬᠤ ᠪᠣᠯᠤᠮᠵᠢ ᠊ᠢᠢ ᠪᠦᠷᠢᠳᠦᠭᠦᠯᠦᠨ᠎ᠡ ᠭᠡᠳᠡᠭ ᠊ᠢ ᠢᠯᠡᠳᠬᠡᠯ ᠊ᠳᠦ ᠪᠡᠨ ᠣᠨᠴᠠᠯᠠᠯ᠎ᠠ᠃

ᠡᠷᠡᠭᠦᠯ ᠮᠡᠨᠳᠦ ᠊ᠢᠢᠨ ᠳᠡᠳ᠋ ᠰᠠᠶᠢᠳ ᠰ ∙ ᠡᠩᠬᠡᠪᠣᠯᠤᠳ ᠡᠷᠡᠭᠦᠯ ᠮᠡᠨᠳᠦ ᠊ᠢᠢᠨ ᠰᠠᠯᠪᠤᠷᠢ ᠊ᠢᠢᠨ ᠴᠠᠬᠢᠮ ᠰᠢᠯᠵᠢᠯᠲᠡ ᠊ᠢᠢᠨ ᠲᠠᠯ᠎ᠠ ᠪᠠᠷ ᠲᠠᠨᠢᠯᠴᠠᠭᠤᠯᠵᠤ᠂ ᠳᠡᠯᠡᠬᠡᠢ ᠊ᠢᠢᠨ ᠡᠷᠡᠭᠦᠯ ᠮᠡᠨᠳᠦ ᠊ᠢᠢᠨ ᠪᠠᠶᠢᠭᠤᠯᠤᠯᠭ᠎ᠠ ᠊ᠢᠢᠨ ᠡᠷᠡᠭᠦᠯ ᠮᠡᠨᠳᠦ ᠊ᠢᠢᠨ ᠬᠠᠮᠲᠤ ᠊ᠢᠢᠨ ᠠᠵᠢᠯᠯᠠᠭᠠᠨ ᠊ᠤ ᠵᠥᠪᠯᠡᠯ ᠤᠨ ᠰᠢᠨᠵᠢᠭᠡᠴᠢ᠂ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠺᠠᠷᠠᠩᠤ ᠮᠧᠯᠯᠠᠨ ᠶᠡᠬᠡ ᠰᠤᠷᠭᠠᠭᠤᠯᠢ ᠊ᠢᠢᠨ ᠵᠦᠪᠳᠡᠬᠦ ᠳ᠋ᠢᠺᠠᠭᠰᠠᠨ ᠫᠠᠮᠧᠯ ᠭᠠᠷᠬᠤᠮ ᠳᠡᠯᠡᠬᠡᠢ ᠊ᠢᠢᠨ ᠡᠷᠡᠭᠦᠯ ᠮᠡᠨᠳᠦ ᠊ᠢᠢᠨ ᠪᠠᠶᠢᠭᠤᠯᠤᠯᠭ᠎ᠠ᠂ ᠣᠯᠠᠨ ᠤᠯᠤᠰ ᠤᠨ ᠴᠠᠬᠢᠯᠭᠠᠨ ᠬᠣᠯᠪᠣᠭ᠎ᠠ ᠬᠠᠮᠲᠤᠷᠠᠨ ᠭᠠᠷᠭᠠᠭᠰᠠᠨ 《ᠴᠠᠬᠢᠮ ᠡᠷᠡᠭᠦᠯ ᠮᠡᠨᠳᠦ ᠊ᠢᠢᠨ ᠬᠦᠷᠢᠶ᠎ᠡ》 ᠊ᠤ ᠲᠠᠯᠠᠭᠠᠷᠬᠢ ᠮᠡᠳᠡᠭᠡᠯᠡᠯ ᠊ᠢ ᠥᠷᠯᠥᠭᠡ᠃

ᠠᠭᠤᠯᠵᠠᠯᠲᠠ ᠪᠠᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠊ᠤ ᠴᠠᠬᠢᠮ ᠬᠥᠭᠵᠢᠯ ᠤᠨ ᠪᠣᠳᠣᠯᠭ᠎ᠠ ᠊ᠢᠢᠨ ᠬᠡᠷᠡᠭᠵᠢᠯᠲᠡ ᠊ᠢᠢ ᠵᠣᠬᠢᠴᠠᠭᠤᠯᠬᠤ ᠭᠠᠵᠠᠷ ᠤᠨ ᠳᠠᠷᠤᠭ᠎ᠠ ᠪ ∙ ᠪᠢᠯᠢᠭᠳᠡᠮᠪᠡᠷᠢᠯ ᠤᠨ 《ᠰᠠᠯᠪᠤᠷᠢ ᠬᠣᠭᠣᠷᠣᠨᠳᠣ ᠊ᠢᠢᠨ ᠮᠡᠳᠡᠭᠡᠯᠡᠯ ᠰᠣᠯᠢᠯᠴᠠᠭ᠎ᠠ》 ᠂ ᠠᠽᠢᠶ᠎ᠠ ᠊ᠢᠢᠨ ᠴᠠᠬᠢᠮ ᠡᠷᠡᠭᠦᠯ ᠮᠡᠨᠳᠦ ᠊ᠢᠢᠨ ᠬᠣᠯᠪᠣᠭᠠᠨ ᠊ᠤ ᠣᠯᠠᠨ ᠤᠯᠤᠰ ᠤᠨ ᠵᠦᠪᠳᠡᠬᠦ ᠠᠮᠢᠢᠷᠠ ᠬᠠᠮᠢᠳ ᠤᠨ 《ᠮᠣᠩᠭᠣᠯ ᠤᠯᠤᠰ ᠳᠠᠬᠢ 《ᠴᠠᠬᠢᠮ ᠡᠷᠡᠭᠦᠯ ᠮᠡᠨᠳᠦ》 ᠍ᠤᠨ ᠨᠥᠬᠥᠴᠡᠯ ᠪᠠᠶᠢᠳᠠᠯ ᠤᠨ ᠬᠥᠨᠳᠡᠯᠡᠩ ᠤᠨ ᠦᠨᠡᠯᠡᠭᠡᠨ ᠊ᠤ ᠦᠷ᠎ᠡ ᠳᠦᠩ》᠂ ᠠᠽᠢᠶ᠎ᠠ ᠊ᠢᠢᠨ ᠴᠠᠬᠢᠮ ᠡᠷᠡᠭᠦᠯ ᠮᠡᠨᠳᠦ ᠊ᠢᠢᠨ ᠬᠣᠯᠪᠣᠭᠠᠨ ᠊ᠤ ᠭᠦᠢᠴᠡᠳᠭᠡᠬᠦ ᠵᠠᠬᠢᠷᠤᠯ ᠵᠡᠢ ᠭᠠᠨᠧᠱ ᠤᠲᠠᠶᠠᠰᠠᠩᠬᠢᠷᠠᠨ ᠊ᠤ 《ᠶᠡᠬᠡ ᠥᠭᠭᠥᠭᠳᠡᠯ ᠤᠨ ᠳᠦᠩ ᠰᠢᠨᠵᠢᠯᠡᠭᠡ》᠂ 《ᠠᠯᠤᠰ ᠤᠨ ᠵᠠᠢ ᠊ᠢᠢᠨ ᠠᠨᠠᠭᠠᠬᠤ ᠤᠬᠠᠭᠠᠨ ᠊ᠤ ᠣᠯᠠᠨ ᠤᠯᠤᠰ ᠤᠨ ᠰᠠᠶᠢᠨ ᠲᠤᠷᠰᠢᠯᠭ᠎ᠠ》᠂ ᠺᠢᠪᠧᠷ ᠬᠠᠯᠳᠠᠯᠭ᠎ᠠ ᠵᠥᠷᠢᠴᠡᠯ ᠲᠡᠢ ᠲᠡᠮᠡᠴᠡᠬᠦ ᠨᠡᠶᠢᠲᠡ ᠊ᠢᠢᠨ ᠲᠥᠪ ᠤᠨ ᠺᠢᠪᠧᠷ ᠬᠠᠯᠳᠠᠯᠭ᠎ᠠ ᠡᠴᠠ ᠤᠷᠢᠳᠴᠢᠯᠠᠨ ᠰᠡᠷᠭᠡᠶᠢᠯᠡᠬᠦ ᠭᠠᠵᠠᠷ ᠤᠨ ᠳᠠᠷᠤᠭ᠎ᠠ ᠭ ∙ ᠭᠠᠨᠲᠤᠶᠠᠭ᠎ᠠ ᠊ᠢᠢᠨ 《ᠡᠷᠡᠭᠦᠯ ᠮᠡᠨᠳᠦ ᠊ᠢᠢᠨ ᠮᠡᠳᠡᠭᠡᠯᠡᠯ ᠤᠨ ᠠᠶᠤᠯ ᠦᠭᠡᠢ ᠪᠠᠶᠢᠳᠠᠯ》᠂ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠺᠠᠷᠠᠩᠤ ᠮᠧᠯᠯᠠᠨ ᠶᠡᠬᠡ ᠰᠤᠷᠭᠠᠭᠤᠯᠢ ᠊ᠢᠢᠨ ᠵᠦᠪᠳᠡᠬᠦ ᠳ᠋ᠢᠺᠠᠭᠰᠠᠨ ᠫᠠᠮᠧᠯ ᠭᠠᠷᠬᠤᠮ ᠤᠨ 《ᠬᠢᠮᠡᠯ ᠣᠶᠤᠨ ᠤᠬᠠᠭᠠᠨ ᠊ᠢ ᠡᠷᠡᠭᠦᠯ ᠮᠡᠨᠳᠦ ᠊ᠢᠢᠨ ᠰᠠᠯᠪᠤᠷᠢ ᠊ᠳᠤ ᠠᠰᠢᠭᠯᠠᠬᠤ ᠨᠢ》᠂ FESC᠂ FJCS᠂ ᠯᠶᠤᠶᠢᠺᠰᠧᠮᠪᠦᠦᠭ ᠤᠨ ᠬᠥᠭᠵᠢᠯ ᠤᠨ ᠠᠭᠧᠨᠲᠯᠢᠭ ᠤᠨ ᠠᠬᠠᠯᠠᠬᠤ ᠵᠥᠪᠯᠡᠬᠦ᠂ ᠤ ᠭ᠊ ᠲ᠊ ᠡ᠊ -᠊ᠢᠢᠨ ᠵᠢᠷᠦᠬᠡ ᠰᠤᠳᠠᠰᠤᠨ ᠊ᠤ ᠦᠨᠳᠦᠰᠦᠨ ᠊ᠤ ᠲᠥᠪ ᠊ᠤᠨ ᠵᠦᠪᠳᠡᠬᠦ ᠳ ∙ ᠮᠥᠩᠭᠥᠩᠴᠢᠮᠡᠭ ᠤᠨ 《ᠵᠢᠷᠦᠬᠡ ᠰᠤᠳᠠᠰᠤᠨ ᠊ᠤ ᠡᠪᠡᠳᠴᠢᠨ ᠊ᠤ ᠣᠨᠣᠰᠢᠯᠠᠭ᠎ᠠ ᠡᠮᠴᠢᠯᠡᠭᠡ ᠊ᠢᠢ ᠰᠠᠶᠢᠵᠢᠷᠠᠭᠤᠯᠬᠤ ᠊ᠳᠤ ᠲᠧᠯᠧᠮᠧᠳᠢᠼᠢᠨ ᠠᠰᠢᠭᠯᠠᠭᠰᠠᠨ ᠲᠤᠷᠰᠢᠯᠭ᠎ᠠ》 ᠢᠯᠡᠳᠬᠡᠯ ᠤᠳ ᠊ᠢ ᠰᠣᠨᠣᠰᠴᠤ᠂ ᠬᠡᠯᠡᠯᠴᠡᠭᠦᠯᠭᠡ ᠥᠷᠨᠢᠭᠦᠯᠬᠦ ᠶᠤᠮ᠃

ᠨᠡᠶᠢᠲᠡᠯᠡᠭᠰᠡᠨ᠄