ᠥᠪᠦᠷᠬᠠᠩᠭᠠᠢ ᠠᠶᠢᠮᠠᠭ ᠒᠔/᠗ 《ᠴᠠᠬᠢᠮ ᠲᠥᠪ》 ᠍ ᠲᠡᠢ ᠪᠣᠯᠵᠤ᠂ ᠢᠷᠭᠡᠳ ᠲᠥᠷᠦ ᠊ᠢᠢᠨ ᠦᠢᠯᠡᠴᠢᠯᠡᠭᠡ ᠊ᠢᠢ ᠲᠦᠷᠭᠡᠨ᠂ ᠰᠢᠭᠤᠷᠬᠠᠢ᠂ ᠬᠦᠨᠳᠦᠷᠡᠯ᠂ ᠴᠢᠷᠭᠳᠡᠯ ᠦᠭᠡᠢ ᠠᠪᠬᠤ ᠪᠣᠯᠤᠮᠵᠢ ᠪᠦᠷᠢᠳᠦᠯ᠎ᠡ


ᠥᠪᠦᠷᠬᠠᠩᠭᠠᠢ ᠠᠶᠢᠮᠠᠭ 《ᠴᠠᠬᠢᠮ ᠰᠢᠯᠵᠢᠯᠲᠡ ᠊ᠢᠢ ᠡᠷᠴᠢᠮᠵᠢᠭᠦᠯᠬᠦ ᠵᠢᠯ – ᠒᠐᠒᠔》 ᠵᠣᠷᠢᠯᠲᠠᠲᠤ ᠵᠢᠯ ᠤᠨ ᠬᠦᠷᠢᠶᠡᠨ ᠊ᠳᠦ ᠢᠷᠭᠡᠳ ᠲᠦ ᠲᠥᠷᠥ ᠊ᠢᠢᠨ ᠦᠢᠯᠡᠴᠢᠯᠡᠭᠡ ᠊ᠢᠢ ᠲᠠᠰᠤᠷᠠᠯᠲᠠ ᠦᠭᠡᠢ᠂ ᠲᠦᠷᠭᠡᠨ᠂ ᠰᠢᠭᠤᠷᠬᠠᠢ᠂ ᠬᠦᠷᠭᠡᠬᠦ ᠵᠣᠷᠢᠯᠭ᠎ᠠ ᠪᠠᠷ 《ᠴᠠᠬᠢᠮ ᠲᠥᠪ》 ᠍᠊ᠢᠢ ᠪᠠᠶᠢᠭᠤᠯᠵᠤ᠂ ᠥᠨᠥᠳᠥᠷ ᠨᠡᠭᠡᠭᠡᠯᠲᠡ ᠊ᠢᠢᠨ ᠦᠢᠯᠡ ᠠᠵᠢᠯᠯᠠᠭ᠎ᠠ ᠊ᠢᠢ ᠵᠣᠬᠢᠶᠠᠨ ᠪᠠᠶᠢᠭᠤᠯᠪᠠ᠃

ᠨᠡᠭᠡᠭᠡᠯᠲᠡ ᠊ᠢᠢᠨ ᠦᠢᠯᠡ ᠠᠵᠢᠯᠯᠠᠭᠠᠨ ᠊ᠳᠤ ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ᠂ ᠠᠶᠢᠮᠠᠭ ᠤᠨ ᠵᠠᠰᠠᠭ ᠳᠠᠷᠤᠭ᠎ᠠ ᠢ᠊ ∙ ᠳᠣᠷᠵᠢᠰᠦ᠋ᠷᠦᠩ᠂ ᠢᠷᠭᠡᠨ ᠊ᠤ ᠲᠥᠯᠥᠭᠡᠯᠡᠭᠴᠢᠳ ᠤᠨ ᠬᠤᠷᠠᠯ ᠤᠨ ᠳᠠᠷᠤᠭ᠎ᠠ ᠣ᠊ ∙ ᠫᠦᠷᠪᠦᠳᠣᠷᠵᠢ ᠪᠣᠯᠤᠨ ᠬᠣᠯᠪᠣᠭᠳᠠᠬᠤ ᠲᠥᠷᠥ᠂ ᠬᠤᠪ ᠤᠨ ᠬᠡᠪᠰᠢᠯ ᠤᠨ ᠪᠠᠶᠢᠭᠤᠯᠤᠯᠭ᠎ᠠ ᠊ᠢᠢᠨ ᠲᠥᠯᠥᠭᠡᠯᠡᠭᠴᠢᠳ᠂ ᠢᠷᠭᠡᠳ ᠣᠷᠣᠯᠴᠠᠯ᠎ᠠ᠃

ᠲᠤᠰ ᠴᠠᠬᠢᠮ ᠲᠥᠪᠡᠳ᠄

✅ᠲᠥᠷᠥ᠂ ᠬᠤᠪᠤ ᠊ᠢᠢᠨ ᠬᠡᠪᠰᠢᠯ ᠤᠨ ᠖᠐ ᠭᠠᠷᠤᠢ ᠪᠠᠶᠢᠭᠤᠯᠤᠯᠭ᠎ᠠ ᠊ᠢᠢᠨ ᠖᠐᠐ ᠣᠷᠴᠢᠮ ᠦᠢᠯᠡᠴᠢᠯᠡᠭᠡ ᠊ᠢᠢ ᠪᠠᠭᠲᠠᠭᠠᠭᠰᠠᠨ ᠭᠡᠷᠡᠭᠡ ᠺᠢᠣᠰᠺᠠ

✅ᠲᠥᠷᠥ ᠊ᠢᠢᠨ ᠯᠠᠪᠯᠠᠭᠠᠭ᠎ᠠ᠂ ᠮᠡᠳᠡᠭᠡᠯᠡᠯ ᠠᠪᠬᠤ ᠲᠥᠯᠥᠪᠦᠷᠢ ᠲᠣᠭᠠᠴᠠᠭᠠᠨ ᠊ᠤ ᠦᠢᠯᠡᠴᠢᠯᠡᠭᠡ ᠦᠵᠡᠭᠦᠯᠬᠦ 《ᠲᠦᠷᠭᠡᠨ ᠦᠢᠯᠴᠡᠭᠢᠭᠡᠨ ᠊ᠤ ᠴᠡᠭ》 ᠮᠠᠰᠢᠨ᠂

✅ᠬᠤᠷᠳᠤᠨ ᠰᠢᠰᠲ᠋ᠧᠮ᠂

✅᠔ ᠪᠠᠩᠬᠢᠨ ᠊ᠤ ᠠ᠊ ᠲ᠊ ᠮ᠊᠂ ‍‍‍‍‍ᠺᠢᠳᠰᠺ ᠮᠠᠰᠢᠨ ᠵᠡᠷᠭᠡ ᠦᠢᠯᠡᠴᠢᠯᠡᠭᠡ ᠨᠢᠭᠡ ᠳᠣᠣᠷ᠎ᠠ ᠪᠠᠶᠢᠷᠢᠯᠠᠵᠤ᠂ ᠨᠢᠭᠡ ᠴᠡᠭ ᠡᠴᠡ ᠦᠢᠯᠡᠴᠢᠯᠡᠭᠡ ᠠᠪᠬᠤ ᠣᠷᠴᠢᠨ᠂ ᠨᠥᠬᠥᠴᠡᠯ ᠪᠦᠷᠢᠳᠦᠯ᠎ᠡ

ᠨᠡᠶᠢᠲᠡᠯᠡᠭᠰᠡᠨ᠄