ᠬᠠᠷᠢᠯᠴᠠᠭ᠎ᠠ ᠬᠣᠯᠪᠣᠭᠠᠨ ᠊ᠤ ᠲᠤᠬᠠᠢ ᠬᠠᠤᠯᠢ ᠊ᠳᠤ ᠨᠡᠮᠡᠯᠲᠡ᠂ ᠥᠭᠡᠷᠡᠴᠢᠯᠡᠯᠲᠡ ᠣᠷᠣᠭᠤᠯᠬᠤ ᠲᠤᠬᠠᠢ ᠬᠠᠤᠯᠢ ᠊ᠢᠢᠨ ᠲᠥᠰᠦᠯ ᠤᠨ ᠬᠡᠯᠡᠯᠴᠡᠭᠦᠯᠭᠡ ᠵᠣᠬᠢᠶᠠᠨ ᠪᠠᠶᠢᠭᠤᠯᠵᠤ ᠪᠠᠶᠢᠨ᠎ᠠ


ᠬᠠᠷᠢᠯᠴᠠᠭ᠎ᠠ ᠬᠣᠯᠪᠣᠭᠠᠨ ᠊ᠤ ᠰᠠᠯᠪᠤᠷᠢ ᠊ᠳᠤ ᠲᠥᠷᠦ ᠊ᠢᠢᠨ ᠣᠷᠣᠯᠴᠠᠭ᠎ᠠ ᠊ᠢᠢ ᠪᠠᠭᠠᠰᠬᠠᠵᠤ᠂ ᠴᠢᠯᠦᠭᠡᠲᠦ ᠥᠷᠢᠰᠦᠯᠳᠡᠭᠡᠨ ᠢ ᠡᠷᠬᠢᠮᠯᠡᠵᠦ᠂ ᠢᠷᠭᠡᠳ ᠤᠨ ᠡᠷᠬᠡ ᠠᠰᠢᠭ ᠊ᠢ ᠬᠠᠮᠠᠭᠠᠯᠠᠬᠤ᠂ ᠪᠢᠽᠢᠨ᠋ᠧᠰ ᠡᠷᠬᠢᠯᠡᠭᠴᠢᠳ ᠤᠨ ᠦᠢᠯᠡ ᠠᠵᠢᠯᠯᠠᠭᠠᠨ ᠊ᠤ ᠣᠷᠴᠢᠨ ᠊ᠢ ᠪᠣᠯᠪᠠᠰᠤᠷᠠᠩᠭᠤᠢ ᠪᠣᠯᠭᠠᠬᠤ ᠵᠡᠷᠭᠡ ᠣᠯᠠᠨ ᠴᠢᠬᠤᠯᠠ ᠦᠷ᠎ᠡ ᠳ᠋ᠦᠩ ᠬᠦᠯᠢᠶᠡᠭᠳᠡᠵᠦ ᠪᠠᠶᠢᠭ᠎ᠠ ᠲᠤᠰ ᠬᠠᠤᠯᠢ ᠊ᠢᠢᠨ ᠨᠡᠮᠡᠯᠲᠡ ᠥᠭᠡᠷᠡᠴᠢᠯᠡᠯᠲᠡ ᠊ᠢᠢᠨ ᠠᠰᠠᠭᠤᠳᠠᠯ ᠊ᠳᠤ ᠣᠷᠣᠯᠴᠠᠭᠴᠢ ᠲᠠᠯ᠎ᠠ ᠨᠤᠭᠤᠳ ᠣᠨᠴᠠᠭᠠᠢ ᠠᠴᠢ ᠬᠣᠯᠪᠣᠭᠳᠠᠯ ᠥᠭᠴᠦ ᠪᠠᠶᠢᠨ᠎ᠠ᠃

ᠬᠠᠷᠢᠯᠴᠠᠭ᠎ᠠ ᠬᠣᠯᠪᠣᠭᠠᠨ ᠊ᠤ ᠲᠤᠬᠠᠢ ᠬᠠᠤᠯᠢ ᠊ᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠊ᠢᠢᠨ ᠲᠥᠰᠥᠯ ᠊ᠢ ᠪᠯᠪᠠᠰᠤᠷᠠᠭᠤᠯᠬᠤ ᠠᠵᠢᠯ ᠤᠨ ᠬᠡᠰᠡᠭ ᠤᠨ ᠠᠬᠠᠯᠠᠭᠴᠢ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠳᠡᠳ᠋ ᠰᠠᠶᠢᠳ ᠵ ∙ ᠡᠷᠬᠢᠮᠪᠠᠭᠠᠲᠤᠷ ᠬᠠᠤᠯᠢ ᠊ᠢᠢᠨ ᠲᠥᠰᠥᠯ ᠤᠨ ᠲᠠᠨᠢᠯᠴᠠᠭᠤᠯᠭ᠎ᠠ ᠊ᠢᠢ ᠲᠠᠨᠢᠯᠴᠠᠭᠤᠯᠵᠤ ᠣᠷᠣᠯᠴᠠᠭᠴᠢ ᠲᠠᠯ ᠤᠳ ᠡᠴᠠ ᠢᠷᠡᠭᠦᠯᠦᠭᠰᠡᠨ ᠠᠰᠠᠭᠤᠯᠲᠠ ᠊ᠳᠤ ᠬᠠᠷᠢᠭᠤᠯᠵᠤ᠂ ᠰᠠᠨᠠᠯ ᠬᠦᠰᠡᠯᠲᠡ ᠊ᠢᠢ ᠬᠦᠯᠢᠶᠡᠨ ᠠᠪᠤᠯ᠎ᠠ᠃

ᠡᠷᠬᠡ᠂ ᠬᠠᠤᠯᠢ ᠶᠣᠰᠣᠨ ᠊ᠤ ᠠᠰᠢᠭ ᠰᠣᠨᠢᠷᠬᠠᠯ ᠨᠢ ᠬᠥᠨᠳᠡᠭᠳᠡᠬᠦ ᠢᠷᠭᠡᠨ᠂ ᠬᠠᠤᠯᠢ ᠊ᠢᠢᠨ ᠡᠲᠡᠭᠡᠳ ᠤᠨ ᠲᠥᠯᠥᠭᠡᠯᠡᠯ᠂ ᠣᠯᠠᠨ ᠨᠡᠶᠢᠲᠡ ᠊ᠢᠢᠨ ᠰᠠᠨᠠᠯ ᠊ᠢ ᠲᠤᠰᠬᠠᠵᠤ ᠰᠠᠯᠪᠤᠷᠢ ᠊ᠢᠢᠨ ᠬᠠᠤᠯᠢ᠂ ᠡᠷᠬᠡ ᠵᠦᠢ ᠊ᠢᠢᠨ ᠣᠷᠴᠢᠨ ᠊ᠢ ᠪᠣᠯᠪᠠᠰᠤᠷᠠᠩᠭᠤᠢ ᠪᠣᠯᠭᠠᠬᠤ ᠵᠣᠷᠢᠯᠭ᠎ᠠ ᠲᠠᠢ ᠲᠤᠰ ᠬᠡᠯᠡᠯᠴᠡᠭᠦᠯᠭᠡ ᠊ᠳᠦ ᠬᠠᠷᠢᠯᠴᠠᠭ᠎ᠠ ᠬᠣᠯᠪᠣᠭᠠᠨ ᠊ᠤ ᠲᠤᠰᠬᠠᠢ ᠵᠥᠪᠰᠢᠶᠡᠷᠡᠯ ᠡᠵᠡᠮᠰᠢᠭᠴᠢ ᠪᠠᠶᠢᠭᠤᠯᠤᠯᠭ᠎ᠠ ᠨᠤᠭᠤᠳ ᠤᠨ ᠲᠥᠯᠥᠭᠡᠯᠡᠯ ᠪᠣᠯᠤᠨ ᠬᠠᠤᠯᠢ ᠊ᠢᠢᠨ ᠥᠭᠡᠷᠡᠴᠢᠯᠡᠯᠲᠡ ᠊ᠢᠢ ᠪᠣᠯᠪᠠᠰᠤᠷᠠᠭᠤᠯᠬᠤ ᠠᠵᠢᠯ ᠤᠨ ᠬᠡᠰᠡᠭ ᠤᠨ ᠭᠡᠰᠢᠭᠦᠳ ᠣᠷᠣᠯᠴᠠᠵᠤ ᠪᠠᠶᠢᠨ᠎ᠠ᠃

ᠨᠡᠶᠢᠲᠡᠯᠡᠭᠰᠡᠨ᠄