ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ᠄ ᠠᠷᠠᠳᠴᠢᠯᠠᠯ ᠤᠨ ᠪᠠᠶᠠᠨ ᠪᠦᠷᠢᠳᠦ ᠬᠡᠮᠡᠨ ᠨᠡᠷᠡᠯᠡᠭᠳᠡᠳᠡᠭ ᠮᠠᠨ ᠊ᠤ ᠤᠯᠤᠰ ᠮᠡᠳᠡᠬᠦ ᠡᠷᠬᠡ ᠊ᠢᠢ ᠬᠠᠩᠭᠠᠭᠤᠯᠬᠤ ᠊ᠳᠤ ᠲᠧᠭᠨᠣᠯᠣᠭᠢ ᠠᠰᠢᠭᠯᠠᠵᠤ ᠪᠠᠶᠢᠨ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠨ ∙ ᠤᠴᠠᠷᠠᠯ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠰᠭᠦᠯ ᠬᠣᠲᠣᠩ ᠊ᠢᠢᠠᠨ ᠒᠐᠒᠔ ᠣᠨ ᠊ᠤ ᠓ ᠳ᠋ᠤᠭᠠᠷ ᠰᠠᠷ᠎ᠠ ᠊ᠢᠢᠨ ᠑᠘-᠒᠐ ᠍᠊ᠤ ᠡᠳᠦᠷ ᠤᠳ ᠲᠦ ᠵᠣᠬᠢᠶᠠᠨ ᠪᠠᠶᠢᠭᠤᠯᠤᠭᠳᠠᠵᠤ ᠪᠤᠢ 《ᠬᠢᠮᠡᠯ ᠣᠶᠤᠨ ᠤᠬᠠᠭᠠᠨ-ᠳ᠋ᠢᠵᠢᠲᠠᠯ᠎ᠠ ᠲᠧᠭᠨᠣᠯᠣᠭᠢ ᠪᠠ ᠠᠷᠠᠳᠴᠢᠯᠠᠯ》 ᠰᠡᠳᠦᠪᠲᠦ 《ᠠᠷᠠᠳᠴᠢᠯᠠᠯ ᠤᠨ ᠲᠥᠯᠦᠭᠡᠬᠢ ᠳᠡᠭᠡᠳᠦ ᠬᠡᠮᠵᠢᠶᠡᠨ ᠊ᠤ ᠠᠭᠤᠯᠵᠠᠯᠲᠠ》 ᠍᠊ᠳᠦ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠭᠠᠳᠠᠭᠠᠳᠤ ᠬᠡᠷᠡᠭ ᠤᠨ ᠰᠠᠶᠢᠳ ᠵᠤ ᠲᠡ ᠶᠣᠯ ᠤᠨ ᠤᠷᠢᠯᠭ᠎ᠠ ᠪᠠᠷ ᠣᠷᠣᠯᠴᠠᠵᠤ ᠪᠠᠶᠢᠨ᠎ᠠ᠃

ᠰᠠᠶᠢᠳ ᠨ ∙ ᠤᠴᠠᠷᠠᠯ ᠡᠨᠡ ᠦᠶ᠎ᠡ ᠪᠡᠷ 《ᠬᠢᠮᠡᠯ ᠣᠶᠤᠨ ᠤᠬᠠᠭᠠᠨ-ᠳ᠋ᠢᠵᠢᠲᠠᠯ᠎ᠠ ᠲᠧᠭᠨᠣᠯᠣᠭᠢ ᠪᠠ ᠬᠦᠷᠲᠡᠭᠡᠮᠵᠢ ᠲᠡᠢ ᠨᠡᠶᠢᠭᠡᠮ》 ᠰᠡᠳᠦᠪ ᠊ᠢᠢᠡᠷ ᠦᠭᠡ ᠬᠡᠯᠡᠯ᠎ᠡ᠃ ᠲᠡᠷᠡ ᠪᠡᠷ 《ᠨᠢᠭᠡᠨ ᠴᠠᠭ ᠲᠤ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠲᠥᠷᠦ ᠊ᠢᠢᠨ ᠨᠠᠷᠢᠨ ᠪᠢᠴᠢᠭ ᠤᠨ ᠳᠠᠷᠤᠭ᠎ᠠ ᠵᠣᠩ ᠺᠧᠷᠷᠢ ᠮᠠᠨ ᠊ᠤ ᠡᠬᠡ ᠣᠷᠣᠨ ᠊ᠢ 《ᠠᠷᠠᠳᠴᠢᠯᠠᠯ ᠤᠨ ᠪᠠᠶᠠᠨ ᠪᠦᠷᠢᠳᠦ》 ᠬᠡᠮᠡᠨ ᠬᠡᠯᠡᠵᠦ ᠪᠠᠶᠢᠯ᠎ᠠ᠃ ᠪᠢᠳᠡ ᠠᠷᠠᠳᠴᠢᠯᠠᠯ ᠊ᠢ ᠪᠡᠬᠢᠵᠢᠭᠦᠯᠵᠦ ᠮᠡᠳᠡᠬᠦ ᠡᠷᠬᠡ ᠊ᠢᠢ ᠬᠠᠩᠭᠠᠭᠤᠯᠬᠤ ᠪᠠᠷ 《ᠰᠢᠯᠢᠨ》 ᠨᠡᠷ᠎ᠡ ᠲᠡᠢ ᠢᠯᠡ ᠲᠣᠳᠣ ᠪᠠᠶᠢᠳᠠᠯ ᠤᠨ ᠠᠩᠬᠠᠨ ᠊ᠤ ᠨᠢᠭᠡᠳᠦᠭᠰᠡᠨ ᠫᠯᠠᠲ᠋ᠹᠣᠷᠮ ᠊ᠢ ᠣᠯᠠᠨ ᠨᠡᠶᠢᠲᠡ ᠊ᠳᠦ ᠲᠠᠨᠢᠯᠴᠠᠭᠤᠯᠤᠭᠰᠠᠨ᠃

ᠡᠨᠡᠬᠦ ᠫᠯᠠᠲ᠋ᠹᠣᠷᠮ ᠊ᠳᠤ ᠑᠓ ᠰᠠᠶ᠎ᠠ ᠭᠠᠷᠤᠢ ᠤᠳᠠᠭ᠎ᠠ ᠬᠠᠨᠳᠤᠭᠰᠠᠨ ᠪᠥᠭᠡᠳ ᠤᠯᠤᠰ ᠤᠨ ᠬᠡᠮᠵᠢᠶᠡᠨ ᠊ᠳᠦ᠂ ᠢᠯᠠᠩᠭᠤᠶ᠎ᠠ ᠵᠠᠰᠠᠭ ᠤᠨ ᠭᠠᠵᠠᠷ ᠤᠨ ᠬᠥᠷᠦᠩᠭᠡ ᠊ᠢᠢᠨ ᠵᠠᠷᠤᠴᠠᠭᠤᠯᠤᠯᠲᠠ ᠊ᠢᠢᠨ ᠲᠠᠯ᠎ᠠ ᠪᠠᠷ ᠬᠡᠳᠦ ᠬᠡᠳᠦᠨ ᠬᠡᠯᠡᠯᠴᠡᠭᠦᠯᠭᠡ ᠥᠷᠨᠢᠵᠦ᠂ ᠒᠗ ᠰᠠᠶ᠎ᠠ ᠭᠠᠷᠤᠢ ᠠᠮᠠ.ᠳ᠋ᠣᠯᠯᠠᠷ ᠤᠨ ᠵᠡᠭᠡᠯᠢ ᠲᠡᠢ ᠲᠡᠩᠴᠡᠬᠦ ᠙᠒ ᠲᠡᠷᠪᠤᠮ ᠲᠥᠭᠦᠷᠢᠭ ᠤᠨ ᠵᠡᠭᠡᠯᠢ ᠊ᠢᠢ ᠪᠤᠴᠠᠭᠠᠨ ᠲᠥᠯᠦᠵᠡᠢ᠃ ᠡᠨᠡ ᠨᠢ ᠮᠣᠩᠭᠣᠯ ᠤᠨ ᠠᠷᠠᠳ ᠲᠦᠮᠡᠨ ᠲᠧᠭᠨᠣᠯᠣᠭᠢ ᠊ᠢᠢᠨ ᠳᠡᠪᠰᠢᠯ ᠊ᠢ ᠠᠰᠢᠭᠯᠠᠨ ᠥᠪᠡᠷᠰᠡᠳ ᠤᠨ ᠳᠠᠭᠤᠤ ᠬᠣᠭᠣᠯᠠᠢ ᠊ᠢᠢ ᠪᠠᠨ ᠬᠦᠷᠭᠡᠵᠦ᠂ ᠪᠣᠳᠠᠲᠤ ᠦᠷ᠎ᠡ ᠳᠦᠩ ᠊ᠳᠦ ᠬᠦᠷᠴᠦ ᠪᠠᠶᠢᠭ᠎ᠠ ᠊ᠢᠢᠨ ᠲᠣᠳᠣ ᠵᠢᠱᠢᠶ᠎ᠡ ᠶᠤᠮ》 ᠭᠡᠯ᠎ᠡ᠃

ᠨᠡᠶᠢᠲᠡᠯᠡᠭᠰᠡᠨ᠄