ᠮᠣᠩᠭᠣᠯ ᠤᠯᠤᠰ ᠳᠡᠯᠡᠬᠡᠢ ᠊ᠢᠢᠨ ᠡᠭᠦᠷᠡᠨ ᠬᠣᠯᠪᠣᠭᠠᠨ ᠊ᠤ ᠺᠣᠩᠷᠧᠰ ᠲᠤ ᠡᠭᠦᠷ ᠊ᠢᠢᠡᠨ ᠵᠠᠰᠠᠯ᠎ᠠ


ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠣᠯᠠᠨ ᠤᠯᠤᠰ ᠤᠨ ᠬᠠᠮᠤᠭ ᠤᠨ ᠲᠣᠮᠣ ᠠᠷᠭ᠎ᠠ ᠬᠡᠮᠵᠢᠶ᠎ᠡ 《ᠳᠡᠯᠡᠬᠡᠢ ᠊ᠢᠢᠨ ᠡᠭᠦᠷᠡᠨ ᠬᠣᠯᠪᠣᠭᠠᠨ ᠊ᠤ ᠺᠣᠩᠷᠧᠰ ᠒᠐᠒᠔》 /Mobile world congress/ ᠡᠬᠢᠯᠡᠯ᠎ᠡ᠃ ᠢᠰᠫᠠᠨᠢ ᠊ᠢᠢᠨ ᠬᠠᠭᠠᠨᠲᠤ ᠤᠯᠤᠰ ᠤᠨ ᠪᠠᠷᠰᠧᠯᠠᠨ ᠬᠣᠲᠠᠳ ᠡᠨᠡ ᠰᠠᠷ᠎ᠠ ᠊ᠢᠢᠨ ᠒᠖-᠒᠙ ᠍ ᠊ᠤ ᠬᠣᠭᠣᠷᠣᠨᠳᠣ ᠪᠣᠯᠬᠤ MWC ᠍ ᠊ᠳᠦ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠰᠠᠨᠠᠭᠠᠴᠢᠯᠠᠭ᠎ᠠ ᠪᠠᠷ ᠮᠠᠨ ᠊ᠤ ᠤᠯᠤᠰ ᠠᠩᠬ᠎ᠠ ᠤᠳᠤᠭ᠎ᠠ ᠥᠪᠡᠷ ᠤᠨ ᠠᠰᠠᠷ /booth/ ᠪᠠᠶᠢᠭᠤᠯᠤᠨ᠂ ᠲᠥᠷᠥ᠂ ᠬᠤᠪ ᠤᠨ ᠬᠡᠪᠰᠢᠯ ᠬᠠᠮᠲᠤ ᠊ᠳᠤ ᠪᠠᠨ ᠮᠣᠩᠭᠣᠯ ᠤᠨ ᠴᠠᠬᠢᠮ ᠰᠢᠯᠵᠢᠯᠲᠡ᠂ ᠲᠧᠭᠨᠣᠯᠣᠭᠢ ᠊ᠢᠢᠨ ᠬᠥᠭᠵᠢᠯ᠂ ᠳᠡᠪᠰᠢᠯ᠎ᠡ ᠰᠤᠷᠲᠠᠯᠴᠢᠯᠠᠨ ᠣᠷᠣᠯᠴᠠᠵᠤ ᠪᠠᠶᠢᠨ᠎ᠠ᠃

ᠡᠨᠡ ᠰᠠᠨᠠᠭᠠᠴᠢᠯᠠᠭ᠎ᠠ ᠨᠢ ᠠᠽᠢᠶ᠎ᠠ᠂ ᠨᠣᠮᠣᠬᠠᠨ ᠳᠠᠯᠠᠢ ᠊ᠢᠢᠨ ᠪᠥᠰᠡ ᠊ᠢᠢᠨ ᠲᠦᠩᠰᠢ ᠣᠷᠣᠨ ᠨᠤᠭᠤᠳ ᠤᠨ ᠳ᠋ᠢᠵᠢᠲᠠᠯ᠎ᠠ ᠬᠠᠮᠲᠤ ᠊ᠢᠢᠨ ᠠᠵᠢᠯᠯᠠᠭ᠎ᠠ ᠊ᠢᠢ ᠥᠷᠭᠡᠵᠢᠭᠦᠯᠬᠦ᠂ ᠮᠣᠩᠭᠣᠯ ᠤᠯᠤᠰ ᠤᠨ ᠮᠡᠳᠡᠭᠡᠯᠡᠯ ᠤᠨ ᠲᠧᠭᠨᠣᠯᠣᠭᠢ᠂ ᠬᠠᠷᠢᠯᠴᠠᠭ᠎ᠠ ᠬᠣᠯᠪᠣᠭᠠᠨ ᠊ᠤ ᠰᠠᠯᠪᠤᠷᠢ ᠊ᠢᠢᠨ ᠬᠤᠪ ᠤᠨ ᠬᠡᠪᠰᠢᠯ ᠤᠨ ᠠᠵᠤ ᠠᠬᠤᠢ ᠊ᠢᠢᠨ ᠨᠢᠭᠡᠴᠡ ᠨᠦᠭᠦᠳ ᠊ᠢ ᠳᠡᠯᠡᠬᠡᠢ ᠊ᠢᠢᠨ ᠤᠯᠤᠰ ᠣᠷᠣᠨ ᠨᠤᠭᠤᠳ ᠲᠤ ᠰᠤᠷᠲᠠᠯᠴᠢᠯᠠᠬᠤ᠂ ᠭᠠᠳᠠᠭᠠᠳᠤ ᠊ᠢᠢᠨ ᠬᠥᠷᠥᠩᠭᠡ ᠣᠷᠣᠭᠤᠯᠤᠯᠲᠠ ᠲᠠᠲᠠᠬᠤ ᠵᠡᠷᠭᠡ ᠣᠯᠠᠨ ᠲᠠᠯ᠎ᠠ ᠊ᠢᠢᠨ ᠠᠴᠢ ᠬᠣᠯᠪᠣᠭᠳᠠᠯ ᠲᠠᠢ ᠶᠤᠮ᠃

ᠼᠠ᠊ ᠬᠥ᠊ ᠬᠠ᠊ ᠬᠣ᠊ ᠶᠠ᠊ - ᠊ᠤ ᠲᠥᠷᠥ ᠊ᠢᠢᠨ ᠨᠠᠷᠢᠨ ᠪᠢᠴᠢᠭ ᠤᠨ ᠳᠠᠷᠤᠭ᠎ᠠ ᠪ ∙ ᠪᠠᠲᠤᠴᠡᠴᠡᠭ ᠲᠡᠷᠢᠭᠦᠲᠡᠢ ᠲᠥᠯᠥᠭᠡᠯᠡᠭᠴᠢᠳ MWC ᠍ ᠤᠨ ᠬᠦᠷᠢᠶᠡᠨ ᠊ᠳᠦ ᠬᠣᠶᠠᠷ ᠲᠠᠯ᠎ᠠ ᠊ᠢᠢᠨ ᠠᠭᠤᠯᠵᠠᠯᠲᠠ ᠨᠤᠭᠤᠳ ᠬᠢᠵᠦ᠂ ᠰᠠᠯᠪᠤᠷᠢ ᠬᠤᠷᠠᠯᠳᠤᠭᠠᠨ ᠨᠤᠭᠤᠳ ᠲᠤ ᠣᠷᠣᠯᠴᠠᠨ᠎ᠠ᠃

MWC ᠍ ᠊ᠳᠤ ᠳᠡᠯᠡᠬᠡᠢ ᠊ᠢᠢᠨ ᠣᠯᠠᠨ ᠠᠷᠪᠠᠨ ᠮᠢᠩᠭᠠᠨ ᠲᠧᠭᠨᠣᠯᠣᠭᠢ᠂ ᠢᠨᠨᠣᠸᠠᠼ ᠪᠦᠲᠦᠭᠡᠭᠴᠢᠳ᠂ ᠬᠠᠷᠢᠯᠴᠠᠭ᠎ᠠ ᠬᠣᠯᠪᠣᠭᠠᠨ ᠊ᠤ ᠭᠣᠣᠯ ᠲᠣᠭᠯᠠᠭᠴᠢᠳ᠂ ᠲᠥᠷᠦ ᠊ᠢᠢᠨ ᠥᠨᠳᠦᠷ ᠳᠡᠭᠡᠳᠦ ᠠᠯᠪᠠᠨ ᠲᠤᠰᠢᠶᠠᠯᠲᠠᠨ ᠨᠤᠭᠤᠳ ᠭᠡᠳ ᠑᠐᠐ ᠮᠢᠩᠭ᠎ᠠ ᠭᠠᠷᠤᠢ ᠬᠦᠮᠦᠨ᠂ ᠒ ᠮᠢᠩᠭ᠎ᠠ ᠣᠷᠴᠢᠮ ᠺᠣᠮᠫᠠᠨᠢ ᠊ᠢᠢᠨ ᠲᠥᠯᠦᠭᠡᠯᠡᠯ ᠣᠷᠣᠯᠴᠠᠵᠤ ᠪᠠᠶᠢᠨ᠎ᠠ᠃ ᠠᠷᠭ᠎ᠠ ᠬᠡᠮᠵᠢᠶᠡᠨ ᠊ᠤ ᠬᠠᠮᠤᠭ ᠤᠨ ᠴᠢᠬᠤᠯᠠ᠂ ᠲᠣᠮᠣᠬᠠᠨ ᠰᠡᠳᠦᠪ ᠤᠳ ᠨᠢ ᠬᠢᠮᠡᠯ ᠣᠶᠤᠨ ᠤᠬᠠᠭᠠᠨ᠂ ᠰᠠᠨᠰᠠᠷ ᠤᠨ ᠬᠢᠮᠡᠯ ᠳᠠᠭᠠᠭᠤᠯᠢ᠂ ᠕G ᠲᠧᠭᠨᠣᠯᠣᠭᠢ᠂ B᠒B ᠪᠣᠯᠤᠮᠵᠢ ᠨᠤᠭᠤᠳ ᠪᠥᠭᠡᠳ ᠲᠧᠭᠨᠣᠯᠣᠭᠢ ᠦᠭᠡᠢ ᠪᠡᠷ ᠰᠠᠯᠪᠤᠷᠢ ᠊ᠢᠢᠨ ᠊ᠢᠢᠠᠨ ᠬᠥᠭᠵᠢᠯ ᠊ᠢ ᠲᠥᠯᠰᠡᠭᠡᠯᠡᠵᠦ ᠪᠣᠯᠬᠤ ᠦᠭᠡᠢ ᠢ ᠪᠠᠲᠤᠯᠠᠭᠰᠠᠨ ᠲᠠᠨᠢᠯᠴᠠᠭᠤᠯᠭ᠎ᠠ᠂ ᠠᠭᠤᠯᠵᠠᠯᠲᠠ ᠨᠤᠭᠤᠳ ᠦᠷᠭᠦᠯᠵᠢᠯᠡᠵᠦ ᠪᠠᠶᠢᠨ᠎ᠠ᠃

ᠨᠡᠶᠢᠲᠡᠯᠡᠭᠰᠡᠨ᠄