ᠡᠷᠡᠭᠦᠯ ᠮᠡᠨᠳᠦ ᠊ᠢᠢᠨ ᠴᠠᠬᠢᠮ ᠰᠢᠯᠵᠢᠯᠲᠡ ᠊ᠳᠦ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠲᠠᠢ ᠬᠠᠮᠲᠤᠷᠠᠨ᠎ᠠ


ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ ᠪᠣᠯᠤᠨ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠬᠡᠦᠬᠡᠳ ᠤᠨ ᠰᠠᠩ ᠤᠨ ᠰᠠᠭᠤᠷᠢᠨ ᠲᠥᠯᠦᠭᠡᠯᠡᠭᠴᠢ ᠧᠣᠠᠷᠢᠰᠲ᠋ᠧ ᠺᠣᠦ᠋ᠠᠰᠰᠢ-ᠺᠣᠮᠠᠯᠤᠨ ᠨᠠᠷ ᠒᠐᠒᠔-᠒᠐᠒᠗ ᠣᠨ ᠊ᠳᠤ ᠬᠡᠷᠡᠭᠵᠢᠬᠦ ᠬᠥᠲᠦᠯᠪᠦᠷᠢ ᠊ᠢᠢᠨ ᠲᠥᠯᠦᠪᠯᠡᠭᠡᠨ ᠊ᠳᠦ ᠭᠠᠷ ᠤᠨ ᠦᠰᠦᠭ ᠵᠢᠷᠤᠯ᠎ᠠ᠃

ᠬᠥᠲᠦᠯᠪᠦᠷᠢ ᠦᠨᠳᠦᠰᠦᠨ ᠕ ᠦᠨᠳᠦᠰᠦᠨ ᠠᠷᠭ᠎ᠠ ᠬᠡᠮᠵᠢᠶᠡᠨ ᠊ᠤ ᠨᠢᠭᠡ ᠨᠢ ᠡᠷᠡᠭᠦᠯ ᠮᠡᠨᠳᠦ ᠊ᠢᠢᠨ ᠰᠠᠯᠪᠤᠷᠢ ᠳ᠋ᠠᠬᠢ ᠴᠠᠬᠢᠮ ᠰᠢᠯᠵᠢᠯᠲᠡ ᠊ᠢᠢ ᠳᠡᠮᠵᠢᠬᠦ ᠊ᠳᠦ ᠵᠣᠷᠢᠭᠤᠯᠤᠭᠳᠠᠨ᠎ᠠ᠃ ᠲᠤᠬᠠᠶᠢᠯᠠᠪᠠᠯ᠂ ᠵᠢᠷᠮᠦᠰᠦᠨ ᠊ᠤ ᠬᠢᠨᠠᠯᠲᠠ ᠊ᠢᠢᠨ ᠺᠠᠷᠲ᠂ ᠠᠮᠪᠤᠶᠢᠯᠠᠲ᠋ᠣᠷ ᠤᠨ ᠺᠠᠷᠲ᠂ ᠳᠠᠭᠠᠳᠬᠠᠯ᠂ ᠵᠣᠷ᠂ ᠳᠦᠷᠰᠦ ᠣᠨᠣᠰᠢᠯᠠᠭᠣᠨ ᠊ᠤ ᠳ᠋ᠦᠩᠨᠡᠯᠲᠡ᠂ ᠲᠣᠪᠯᠠᠯ ᠊ᠳᠤ ᠪᠤᠶᠤ ᠸᠠᠺᠼᠢᠨ ᠊ᠤ ᠯᠠᠪᠯᠠᠭᠠᠭ᠎ᠠ ᠊ᠢᠢ ᠴᠠᠭᠠᠰᠤ ᠪᠢᠰᠢ ᠴᠠᠬᠢᠮ ᠪᠣᠯᠭᠠᠵᠤ᠂ ᠴᠡᠭ᠂ ᠮᠥᠩᠭᠥ ᠬᠡᠮᠨᠡᠨ᠎ᠡ᠃ ᠳᠣᠯᠣᠭᠠᠨ ᠲᠥᠷᠥᠯ ᠤᠨ ᠴᠠᠭᠠᠰᠤᠨ ᠦᠢᠯᠡᠴᠢᠯᠡᠭᠡ ᠴᠠᠬᠢᠮ ᠰᠢᠰᠲ᠋ᠧᠮ ᠪᠣᠯᠵᠤ ᠥᠭᠡᠷᠡᠴᠢᠯᠡᠭᠳᠡᠬᠦ ᠊ᠢᠢᠨ ᠬᠢᠷᠢ ᠪᠡᠷ ᠡᠯᠳᠡᠪ ᠴᠢᠷᠦᠭᠳᠡᠯ᠂ ᠡᠮᠨᠡᠯᠭᠡ ᠊ᠢᠢᠨ ᠠᠴᠢᠶᠠᠯᠠᠯ ᠡᠷᠡᠭᠦᠯᠵᠢᠨ᠎ᠡ᠃ ᠴᠠᠭᠠᠰᠤ ᠪᠠᠷ ᠶᠠᠪᠤᠭᠤᠯᠳᠠᠭ ᠗ ᠲᠥᠷᠥᠯ ᠤᠨ ᠦᠢᠯᠡᠴᠢᠯᠡᠭᠡ ᠴᠠᠬᠢᠮ ᠪᠣᠯᠤᠨ᠎ᠠ᠃

ᠮᠥᠨ ᠴᠠᠬᠢᠮ ᠮᠠᠩᠯᠠᠶᠢᠯᠠᠭᠴᠢᠳ ᠲᠥᠰᠥᠯ ᠊ᠢᠢᠡᠷ ᠳᠠᠮᠵᠢᠭᠤᠯᠤᠨ ᠣᠯᠠᠨ ᠨᠡᠶᠢᠲᠡ ᠊ᠢᠢᠨ ᠴᠠᠬᠢᠮ ᠤᠷ᠎ᠠ ᠴᠢᠳᠠᠪᠤᠷᠢ ᠊ᠢᠢ ᠨᠡᠮᠡᠭᠳᠡᠭᠦᠯᠬᠦ ᠠᠷᠭ᠎ᠠ ᠬᠡᠮᠵᠢᠶ᠎ᠡ ᠨᠦᠭᠦᠳ ᠲᠥᠯᠦᠪᠯᠡᠭᠡᠨ ᠊ᠳᠦ ᠲᠤᠰᠬᠠᠭᠳᠠᠭᠰᠠᠨ ᠪᠠᠶᠢᠨ᠎ᠠ᠃ ᠪᠦᠬᠦ ᠨᠡᠶᠢᠲᠡ ᠊ᠢᠢᠨ ᠴᠠᠬᠢᠮ ᠤᠷ᠎ᠠ ᠊ᠢᠥᠰᠬᠡᠬᠦ ᠪᠣᠳᠣᠯᠭ᠎ᠠ ᠊ᠳᠤ ᠨᠡᠶᠢᠴᠡᠭᠦᠯᠦᠨ᠂ ᠡᠷᠡᠭᠦᠯ ᠮᠡᠨᠳᠦ᠂ ᠪᠣᠯᠪᠠᠰᠤᠷᠠᠯ᠂ ᠬᠡᠦᠬᠡᠳ ᠬᠠᠮᠠᠭᠠᠯᠠᠯ ᠤᠨ ᠰᠠᠯᠪᠤᠷᠢ ᠊ᠳᠤ ᠬᠡᠷᠡᠭᠵᠢᠭᠦᠯᠬᠦ ᠬᠥᠲᠦᠯᠪᠦᠷᠢ ᠬᠡᠷᠡᠭᠵᠢᠭᠦᠯᠦᠨ᠎ᠡ᠃ ᠪᠣᠯᠪᠠᠰᠤᠷᠠᠯ (ᠴᠠᠬᠢᠮ ᠤᠷ᠎ᠠ ᠴᠢᠳᠠᠪᠤᠷᠢ)᠂ ᠡᠷᠡᠭᠦᠯ ᠮᠡᠨᠳᠦ (ᠲᠣᠭᠲᠠᠯᠴᠠᠭ᠎ᠠ ᠪᠡᠬᠢᠵᠢᠭᠦᠯᠬᠦ)᠂ ᠬᠡᠦᠬᠡᠳ ᠬᠠᠮᠠᠭᠠᠯᠠᠯ (PRIMERO ᠨᠡᠪᠲᠡᠷᠡᠭᠦᠯᠬᠦ) ᠴᠢᠭᠯᠡᠯ ᠊ᠢᠢᠶᠡᠷ ᠰᠠᠯᠪᠤᠷᠢ ᠬᠣᠭᠣᠷᠣᠨᠳᠣ ᠊ᠢᠢᠨ ᠤᠶᠠᠯᠳᠤᠭ᠎ᠠ ᠬᠣᠯᠪᠣᠭ᠎ᠠ ᠊ᠢᠢ ᠳᠡᠮᠵᠢᠬᠦ᠂ ᠴᠢᠳᠠᠪᠬ᠎ᠠ ᠪᠡᠬᠢᠵᠢᠭᠦᠯᠬᠦ᠂ ᠭᠠᠮᠰᠢᠭ ᠤᠨ ᠦᠶ᠎ᠡ ᠳ᠋ᠡᠬᠢ ᠬᠠᠷᠢᠯᠴᠠᠭ᠎ᠠ ᠬᠣᠯᠪᠣᠭᠠᠨ ᠊ᠳᠤ ᠳᠡᠮᠵᠢᠯᠭᠡ ᠦᠵᠡᠭᠦᠯᠦᠨ᠎ᠡ᠃

ᠨᠡᠩ ᠡᠮᠵᠡᠭ᠂ ᠣᠷᠬᠢᠭᠳᠠᠬᠤ ᠡᠷᠦᠰᠳᠡᠯ ᠲᠡᠢ ᠬᠦᠮᠦᠨ ᠠᠮᠠ ᠊ᠢᠢᠨ ᠬᠡᠰᠡᠭ ᠪᠦᠯᠦᠭ ᠨᠥᠭᠡᠴᠡ ᠪᠣᠯᠤᠮᠵᠢ ᠪᠠᠨ ᠪᠦᠷᠢᠨ ᠳᠦᠭᠦᠷᠡᠩ᠂ ᠡᠷᠬᠡ ᠲᠡᠭᠰᠢ ᠠᠰᠢᠭᠯᠠᠵᠤ᠂ ᠬᠦᠮᠦᠨ ᠊ᠤ ᠡᠷᠬᠡ ᠊ᠳᠦ ᠰᠠᠭᠤᠷᠢᠯᠠᠭᠰᠠᠨ᠂ ᠬᠦᠷᠲᠡᠭᠡᠮᠵᠢᠲᠡᠢ᠂ ᠵᠧᠨᠳᠡᠷ ᠤᠨ ᠮᠡᠳᠡᠷᠡᠮᠵᠢ ᠲᠡᠢ᠂ ᠴᠣᠴᠢᠷᠠᠯ ᠊ᠳᠤ ᠲᠡᠰᠪᠦᠷᠢᠲᠡᠢ ᠡᠷᠡᠭᠦᠯ ᠮᠡᠨᠳᠦ᠂ ᠬᠣᠭᠣᠯᠠ ᠲᠡᠵᠢᠭᠡᠯ᠂ ᠪᠣᠯᠪᠠᠰᠤᠷᠠᠯ᠂ ᠨᠡᠶᠢᠭᠡᠮ ᠤᠨ ᠬᠠᠮᠠᠭᠠᠯᠠᠯ᠂ ᠤᠰᠤ᠂ ᠠᠷᠢᠭᠤᠨ ᠴᠡᠪᠡᠷ ᠤᠨ ᠪᠠᠶᠢᠭᠤᠯᠤᠮᠵᠢ ᠊ᠢᠢᠨ ᠦᠢᠯᠡᠴᠢᠯᠡᠭᠡᠨ ᠊ᠤ ᠦᠷ᠎ᠡ ᠰᠢᠮ᠎ᠡ ᠊ᠢᠢ ᠬᠦᠷᠲᠡᠬᠦ ᠨᠢ ᠬᠥᠲᠥᠯᠪᠦᠷᠢ ᠊ᠢᠢᠨ 《ᠭᠡᠷ ᠤᠨ ᠳᠠᠭᠠᠭᠠᠯᠭᠠᠪᠤᠷᠢ》 ᠶᠤᠮ᠃ ᠡᠷᠡᠭᠦᠯ ᠮᠡᠨᠳᠦ᠂ ᠪᠣᠯᠪᠠᠰᠤᠷᠠᠯ᠂ ᠬᠡᠦᠬᠡᠳ ᠬᠠᠮᠠᠭᠠᠯᠠᠯ ᠊ᠢ ᠣᠨᠢᠯᠠᠭᠰᠠᠨ ᠬᠥᠲᠥᠯᠪᠦᠷᠢ ᠊ᠳᠦ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠬᠡᠦᠬᠡᠳ ᠤᠨ ᠰᠠᠩ ᠡᠴᠠ ᠖᠗᠐ ᠮᠢᠩᠭᠠᠨ ᠠᠮᠠ. ᠳ᠋ᠣᠯᠯᠠᠷ ᠊ᠢᠢᠠᠷ ᠰᠠᠩᠬᠦᠵᠢᠭᠦᠯᠦᠨ᠎ᠡ᠃

ᠨᠡᠶᠢᠲᠡᠯᠡᠭᠰᠡᠨ᠄