《ᠤᠬᠠᠭᠠᠯᠢᠭ ᠵᠠᠰᠠᠭ-᠒》 ᠲᠥᠰᠦᠯ ᠤᠨ ᠬᠦᠷᠢᠶᠡᠨ ᠊ᠳᠦ ᠴᠠᠬᠢᠮ ᠲᠧᠭᠨᠣᠯᠣᠭᠢ ᠊ᠳᠤ ᠰᠠᠭᠤᠷᠢᠯᠠᠭᠰᠠᠨ ᠓᠐᠐᠐ ᠠᠵᠢᠯ ᠤᠨ ᠪᠠᠶᠢᠷᠢ ᠨᠡᠮᠡᠭᠳᠡᠭᠦᠯᠦᠨ᠎ᠡ


ᠳᠡᠯᠡᠬᠡᠢ ᠊ᠢᠢᠨ ᠪᠠᠩᠬᠢᠨ ᠊ᠤ ᠬᠢᠲᠠᠳ ᠪᠣᠯᠤᠨ ᠰᠣᠯᠣᠩᠭᠣᠰ ᠤᠯᠤᠰ ᠊ᠢ ᠬᠠᠷᠢᠭᠤᠴᠠᠭᠰᠠᠨ ᠵᠠᠬᠢᠷᠤᠯ ᠮᠠᠷᠠ ᠺ ∙ ᠤᠣᠷᠪᠢᠺ ᠪᠣᠯᠤᠨ ᠳᠡᠯᠡᠬᠡᠢ ᠊ᠢᠢᠨ ᠪᠠᠩᠬᠢᠨ ᠊ᠤ ᠰᠠᠩᠬᠦᠵᠢᠯᠲᠡ ᠪᠡᠷ ᠮᠣᠩᠭᠣᠯ ᠤᠯᠤᠰ ᠲᠤ ᠬᠡᠷᠡᠭᠵᠢᠵᠦ ᠪᠤᠢ 《ᠤᠬᠠᠭᠠᠯᠢᠭ ᠵᠠᠰᠠᠭ – ᠒》 ᠲᠥᠰᠥᠯ ᠤᠨ ᠤᠳᠤᠷᠢᠳᠤᠭᠴᠢ ᠬᠠᠳᠠᠭᠳᠠᠢ ᠵᠧᠨᠨᠢᠹᠧᠷ ᠭᠦᠢ ᠲᠡᠷᠢᠭᠦᠲᠡᠢ ᠲᠥᠯᠥᠭᠡᠯᠡᠭᠴᠢᠳ ᠮᠠᠨ ᠊ᠤ ᠤᠯᠤᠰ ᠲᠤ ᠠᠵᠢᠯᠯᠠᠵᠤ ᠪᠠᠶᠢᠨ᠎ᠠ᠃

ᠥᠨᠥᠳᠥᠷ 《ᠤᠬᠠᠭᠠᠯᠢᠭ ᠵᠠᠰᠠᠭ ᠒》 ᠲᠥᠰᠥᠯ ᠤᠨ ᠲᠠᠨᠢᠯᠴᠠᠭᠤᠯᠭ᠎ᠠ ᠊ᠢᠢ ᠬᠢᠵᠦ᠂ ᠤᠭ ᠲᠥᠰᠥᠯ ᠬᠡᠷᠡᠭᠵᠢᠵᠦ ᠡᠬᠢᠯᠡᠯ᠎ᠡ᠃ ᠲᠥᠰᠥᠯ ᠤᠨ ᠬᠤᠪᠢ ᠊ᠳᠤ ᠓ ᠵᠣᠷᠢᠯᠲᠠ ᠊ᠢᠢᠨ ᠬᠦᠷᠢᠶᠡᠨ ᠊ᠳᠦ ᠔᠕ ᠲᠥᠰᠥᠯ᠂ ᠠᠷᠭ᠎ᠠ ᠬᠡᠮᠵᠢᠶ᠎ᠡ ᠊ᠢᠢ ᠵᠣᠬᠢᠶᠠᠨ ᠪᠠᠶᠢᠭᠤᠯᠤᠨ᠎ᠠ᠃ ᠡᠭᠦᠨ ᠊ᠳᠦ᠄

1᠃ ᠳ᠋ᠢᠵᠢᠲᠠᠯ᠎ᠠ ᠰᠢᠯᠵᠢᠯᠲᠡ ᠬᠢᠬᠦ ᠣᠷᠴᠢᠨ ᠊ᠢ ᠪᠦᠷᠢᠳᠦᠭᠦᠯᠦᠨ᠎ᠡ᠃

2᠃ ᠳ᠋ᠢᠵᠢᠲᠠᠯ᠎ᠠ ᠰᠢᠯᠵᠢᠯᠲᠡ ᠊ᠢᠢᠨ ᠳᠡᠳ᠋ ᠪᠦᠲᠦᠴᠡ ᠊ᠢᠢ ᠰᠠᠶᠢᠵᠢᠷᠠᠭᠤᠯᠤᠨ᠎ᠠ᠃

3᠃ ᠳ᠋ᠢᠵᠢᠲᠠᠯ᠎ᠠ ᠡᠳ᠋ ᠍ ᠤᠨ ᠵᠠᠰᠠᠭ ᠊ᠢ ᠬᠥᠭᠵᠢᠭᠦᠯᠬᠦ ᠬᠦᠮᠦᠨ ᠊ᠤ ᠨᠥᠭᠡᠴᠡ ᠊ᠢᠢ ᠪᠡᠯᠡᠳᠬᠡᠬᠦ᠂ ᠴᠢᠳᠠᠪᠬᠢᠵᠢᠭᠤᠯᠤᠨ᠎ᠠ᠃

ᠡᠳᠡᠭᠡᠷ ᠠᠷᠭ᠎ᠠ ᠬᠡᠮᠵᠢᠶ᠎ᠡ ᠊ᠢᠢ ᠬᠡᠷᠡᠭᠵᠢᠭᠦᠯᠦᠭᠰᠡᠨ ᠊ᠤ ᠦᠷ᠎ᠡ ᠳᠦᠩ ᠳᠦ

– ᠲᠥᠷᠥ ᠊ᠢᠢᠨ ᠴᠠᠬᠢᠮ ᠦᠢᠯᠡᠴᠢᠯᠡᠭᠡᠨ ᠊ᠤ ᠴᠢᠨᠠᠷ ᠬᠦᠷᠲᠡᠭᠡᠮᠵᠢ ᠊ᠢᠢ ᠨᠡᠮᠡᠭᠳᠡᠭᠦᠯᠵᠦ ᠬᠦᠮᠦᠨ ᠲᠥᠪ ᠲᠡᠢ᠂ ᠢᠷᠭᠡᠨ ᠊ᠳᠦ ᠪᠡᠨ ᠡᠭᠡᠯᠢᠲᠡᠢ ᠦᠢᠯᠡᠴᠢᠯᠡᠭᠡᠨ ᠊ᠤ ᠰᠲ᠋ᠠᠨᠳᠠᠷᠲ ᠊ᠳᠤ ᠨᠡᠶᠢᠴᠡᠭᠦᠯᠦᠨ᠎ᠡ᠃

– ᠲᠥᠷᠥ ᠊ᠢᠢᠨ ᠪᠠᠶᠢᠭᠤᠯᠤᠯᠭ᠎ᠠ ᠨᠤᠭᠤᠳ ᠲᠤ ᠡᠭᠦᠯᠡᠨ ᠲᠣᠭᠠᠴᠠᠭᠠᠯᠠᠯ ᠤᠨ ᠳᠡᠳ᠋ ᠪᠦᠲᠦᠴᠡ ᠊ᠢᠢ ᠨᠡᠪᠲᠡᠷᠡᠭᠦᠯᠵᠦ ᠲᠥᠰᠥᠪ ᠤᠨ ᠬᠡᠮᠨᠡᠯ ᠊ᠳᠦ ᠭᠠᠷᠭᠠᠨ᠎ᠠ᠃

– ᠵᠣᠷᠢᠯᠲᠠᠲᠤ ᠪᠦᠯᠦᠭ ᠤᠨ ᠑᠓᠂᠐᠐᠐ ᠢᠷᠭᠡᠨ ᠊ᠤ ᠴᠠᠬᠢᠮ ᠤᠷ᠎ᠠ ᠴᠢᠳᠠᠪᠤᠷᠢ ᠊ᠢᠢ ᠓᠐% ᠍ ᠠ ᠪᠠᠷ ᠨᠡᠮᠡᠭᠳᠡᠭᠦᠯᠬᠦ ᠪᠥᠭᠡᠳ ᠲᠡᠳᠡᠭᠡᠷ ᠤᠨ ᠖᠐ ᠬᠤᠪᠢ ᠨᠢ ᠡᠮᠡᠭᠲᠡᠶᠢᠴᠦᠳ ᠪᠠᠶᠢᠨ᠎ᠠ᠃

– ᠳ᠋ᠢᠵᠢᠲᠠᠯ᠎ᠠ ᠲᠧᠭᠨᠣᠯᠣᠭᠢ ᠊ᠳᠤ ᠰᠠᠭᠤᠷᠢᠯᠠᠭᠰᠠᠨ ᠓᠐᠐᠐ ᠠ ᠡᠴᠠ ᠳᠣᠭᠣᠭᠰᠢ ᠦᠭᠡᠢ ᠠᠵᠢᠯ ᠤᠨ ᠪᠠᠶᠢᠷᠢ ᠊ᠢᠢ ᠨᠡᠮᠡᠭᠳᠡᠭᠦᠯᠬᠦ ᠶᠤᠮ᠃

ᠨᠡᠶᠢᠲᠡᠯᠡᠭᠰᠡᠨ᠄