ᠮᠣᠩᠭᠣᠯ ᠤᠯᠤᠰ ᠤᠨ ᠵᠠᠰᠠᠭ ᠤᠨ ᠭᠠᠵᠠᠷ ᠳᠡᠯᠡᠬᠡᠢ ᠊ᠢᠢᠨ ᠵᠠᠰᠠᠭ ᠤᠨ ᠭᠠᠵᠠᠷ ᠤᠳ ᠤᠨ ᠳᠡᠭᠡᠳᠦ ᠬᠡᠮᠵᠢᠶᠡᠨ ᠊ᠤ ᠠᠭᠤᠯᠵᠠᠯᠲᠠ ᠡᠴᠠ 《Global Government Excellence Award》 ᠱᠠᠩᠨᠠᠯ ᠬᠦᠷᠲᠡᠯ᠎ᠡ


ᠠᠷᠠᠪ ᠤᠨ ᠨᠢᠭᠡᠳᠦᠭᠰᠡᠨ ᠡᠮᠠᠷᠲᠤ ᠤᠯᠤᠰ ᠤᠨ ᠳᠤᠪᠠᠢ ᠬᠣᠲᠣᠨ ᠊ᠢᠢᠠᠨ ᠒᠐᠒᠔ ᠣᠨ ᠊ᠤ ᠒ ᠳ᠋ᠤᠭᠠᠷ ᠰᠠᠷ᠎ᠠ ᠊ᠢᠢᠨ ᠑᠒-᠑᠔ ᠍᠊ᠤ ᠡᠳᠦᠷ ᠤᠳ ᠲᠦ ᠵᠣᠬᠢᠶᠠᠨ ᠪᠠᠶᠢᠭᠤᠯᠤᠭᠳᠠᠵᠤ ᠪᠤᠢ ᠳᠡᠯᠡᠬᠡᠢ ᠊ᠢᠢᠨ ᠵᠠᠰᠠᠭ ᠤᠨ ᠭᠠᠵᠠᠷ ᠤᠳ ᠤᠨ ᠳᠡᠭᠡᠳᠦ ᠲᠦᠪᠰᠢᠨ ᠊ᠤ ᠠᠭᠤᠯᠵᠠᠯᠲᠠ ᠡᠴᠠ ᠮᠣᠩᠭᠣᠯ ᠤᠯᠤᠰ ᠤᠨ ᠵᠠᠰᠠᠭ ᠤᠨ ᠭᠠᠵᠠᠷ ᠲᠤ 《Global Government Excellence Award》 ᠱᠠᠩᠨᠠᠯ ᠭᠠᠷᠳᠠᠭᠤᠯᠪᠠ᠃

ᠡᠨᠡᠬᠦ ᠨᠡᠷ᠎ᠡ ᠬᠦᠨᠳᠦᠲᠡᠢ ᠱᠠᠩᠨᠠᠯ ᠨᠢ ᠵᠠᠰᠠᠭ ᠤᠨ ᠭᠠᠵᠠᠷ ᠤᠳ ᠤᠨ ᠰᠢᠨ᠎ᠡ ᠲᠧᠭᠨᠣᠯᠣᠭᠢ᠂ ᠢᠨᠨᠣᠸᠠᠴᠠ ᠊ᠳᠤ ᠰᠠᠭᠤᠷᠢᠯᠠᠭᠰᠠᠨ ᠴᠠᠬᠢᠮ ᠰᠢᠯᠵᠢᠯᠲᠡ ᠊ᠢᠢ ᠠᠮᠵᠢᠯᠲᠠ ᠲᠠᠢ᠂ ᠦᠷ᠎ᠡ ᠳᠦᠩ ᠲᠡᠢ ᠬᠡᠷᠡᠭᠵᠢᠭᠦᠯᠦᠭᠰᠡᠨ ᠰᠢᠯᠢᠳᠡᠭ ᠲᠤᠷᠰᠢᠯᠭ᠎ᠠ ᠊ᠳᠤ ᠣᠯᠭᠤᠳᠠᠭ ᠪᠥᠭᠡᠳ ᠮᠣᠩᠭᠣᠯ ᠤᠯᠤᠰ ᠤᠨ ᠵᠠᠰᠠᠭ ᠤᠨ ᠭᠠᠵᠠᠷ᠂ ᠶᠡᠷᠦᠩᠬᠡᠢ ᠰᠠᠶᠢᠳ ᠯ ∙ ᠣᠶᠤᠨ-ᠡᠷᠳᠡᠨᠢ ᠊ᠢᠢᠨ ᠮᠠᠩᠯᠠᠶᠢᠯᠠᠯ ᠳᠣᠣᠷ᠎ᠠ ᠬᠡᠷᠡᠭᠵᠢᠵᠦ ᠪᠤᠢ ᠰᠢᠯᠢᠨ ᠠᠵᠢᠯᠯᠠᠭ᠎ᠠ ᠪᠠᠨ᠂ ᠢᠯᠡ ᠲᠣᠳᠣ ᠪᠠᠶᠢᠳᠠᠯ᠂ 《ᠴᠠᠬᠢᠮ ᠦᠨᠳᠦᠰᠦᠲᠡᠨ-ᠢ-ᠮᠣᠩᠭᠣᠯ》 ᠰᠠᠨᠠᠭᠠᠴᠢᠯᠭ᠎ᠠ ᠊ᠢᠢᠨ ᠬᠦᠷᠢᠶᠡᠨ ᠊ᠳᠦ ᠲᠥᠷᠥ ᠊ᠢᠢᠨ ᠦᠢᠯᠡᠴᠢᠯᠡᠭᠡ ᠊ᠢᠢ ᠢᠷᠭᠡᠨ ᠊ᠳᠦ ᠣᠶᠢᠷᠠᠲᠤᠭᠤᠯᠬᠤ᠂ ᠬᠢᠯᠪᠠᠷᠰᠢᠭᠤᠯᠬᠤ᠂ ᠨᠡᠭᠡᠭᠡᠯᠲᠡ ᠲᠡᠢ᠂ ᠢᠯᠡ ᠲᠣᠳᠣ ᠪᠣᠯᠭᠠᠬᠤ ᠴᠢᠭᠯᠡᠯ ᠊ᠳᠦ ᠭᠠᠷᠭᠠᠵᠤ ᠪᠤᠢ ᠦᠷ᠎ᠡ ᠳᠦᠩ ᠢ ᠣᠯᠠᠨ ᠤᠯᠤᠰ ᠤᠨ ᠬᠡᠮᠵᠢᠶᠡᠨ ᠊ᠳᠦ ᠲᠡᠷᠢᠭᠦᠨ ᠲᠤᠷᠰᠢᠯᠭ᠎ᠠ ᠬᠡᠮᠡᠨ ᠦᠨᠡᠯᠡᠵᠦ ᠪᠠᠶᠢᠨ᠎ᠠ᠃

ᠱᠠᠩᠨᠠᠯ ᠊ᠢ ᠤᠭ ᠳᠡᠭᠡᠳᠦ ᠲᠦᠪᠰᠢᠨ ᠊ᠤ ᠠᠭᠤᠯᠵᠠᠯᠲᠠ ᠊ᠳᠤ ᠮᠣᠩᠭᠣᠯ ᠤᠯᠤᠰ ᠤᠨ ᠵᠠᠰᠠᠭ ᠤᠨ ᠭᠠᠵᠠᠷ ᠊ᠢ ᠲᠥᠯᠥᠭᠡᠯᠡᠨ ᠣᠷᠣᠯᠴᠠᠵᠤ ᠪᠤᠢ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠨ ∙ ᠤᠴᠠᠷᠠᠯ ᠠᠷᠠᠪ ᠤᠨ ᠨᠢᠭᠡᠳᠦᠭᠰᠡᠨ ᠡᠮᠠᠷᠠᠲᠤ ᠤᠯᠤᠰ ᠤᠨ ᠶᠡᠷᠦᠩᠬᠡᠶᠢᠯᠡᠭᠴᠢ ᠊ᠢᠢᠨ ᠣᠷᠳᠣᠨ ᠊ᠤ ᠬᠥᠭᠵᠢᠯ ᠤᠨ ᠪᠣᠳᠣᠯᠭ᠎ᠠ ᠊ᠢᠢᠨ ᠭᠠᠵᠠᠷ ᠤᠨ ᠳᠠᠷᠤᠭ᠎ᠠ ᠡᠷᠬᠢᠮ ᠳᠡᠭᠡᠳᠦ ᠬᠠᠨᠬᠦᠦ ᠱᠧᠢᠬ ᠳ᠋ᠢᠶᠠᠪ ᠪᠢᠩ ᠮᠤᠬᠠᠮᠡᠳᠤ ᠪᠢᠩ ᠵᠠᠢᠳ ᠠᠯᠢ-ᠨᠬᠢᠶᠠᠨ ᠡᠴᠠ ᠭᠠᠷᠳᠠᠨ ᠠᠪᠤᠯ᠎ᠠ᠃

ᠨᠡᠶᠢᠲᠡᠯᠡᠭᠰᠡᠨ᠄