ᠼᠠ᠊ ᠬᠥ᠊ ᠬᠠ᠊ ᠬᠣ᠊- ᠍᠊ᠤ ᠰᠠᠶᠢᠳ ᠨ ∙ ᠤᠴᠠᠷᠠᠯ ᠤᠨ ᠠᠮᠧᠷᠢᠺᠠ ᠊ᠢᠢᠨ ᠨᠢᠭᠡᠳᠦᠭᠰᠡᠨ ᠤᠯᠤᠰ ᠲᠤ ᠬᠢᠭᠰᠡᠨ ᠠᠵᠢᠯ ᠤᠨ ᠠᠶᠤᠴᠢᠯᠠᠯ ᠤᠨ ᠦᠷ᠎ᠡ ᠳ᠋ᠦᠩ ᠊ᠳᠦ᠄


ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠨ ∙ ᠤᠴᠠᠷᠠᠯ ᠒᠐᠒᠔ ᠣᠨ ᠊ᠤ ᠑/᠒᠕-᠒/᠐᠑ ᠍ ᠊ᠤ ᠡᠳᠦᠷ ᠤᠳ ᠲᠦ ᠠᠮᠧᠷᠢᠺᠠ ᠊ᠢᠢᠨ ᠨᠢᠭᠡᠳᠦᠭᠰᠡᠨ ᠤᠯᠤᠰ ᠳᠦ ᠠᠵᠢᠯ ᠤᠨ ᠠᠶᠢᠯᠴᠢᠯᠠᠯ ᠬᠢᠭᠰᠡᠨ ᠪᠢᠯᠡ᠃

ᠠᠶᠢᠯᠴᠢᠯᠠᠯ ᠤᠨ ᠪᠦᠷᠢᠯᠳᠦᠬᠦᠨ ᠊ᠳᠦ ᠮᠣᠩᠭᠣᠯ ᠤᠯᠤᠰ ᠤᠨ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ᠂ ᠰᠠᠨᠰᠠᠷ ᠤᠨ ᠰᠠᠯᠪᠤᠷᠢ ᠊ᠢᠢᠨ ᠨᠡᠶᠢᠲᠡ ᠕᠐ ᠣᠷᠴᠢᠮ ᠺᠣᠮᠫᠠᠨᠢ ᠊ᠢᠢᠨ ᠤᠳᠤᠷᠢᠳᠤᠯᠭ᠎ᠠ ᠥᠪᠡᠷᠰᠡᠳ ᠤᠨ ᠵᠠᠷᠤᠳᠠᠯ ᠊ᠢᠢᠠᠷ ᠣᠷᠣᠯᠴᠠᠭᠰᠠᠨ ᠪᠤᠶᠤ ᠲᠥᠷᠦ ᠬᠤᠪ ᠤᠨ ᠬᠡᠪᠰᠢᠯ ᠬᠠᠮᠲᠤᠷᠠᠨ ᠵᠣᠬᠢᠶᠠᠨ ᠪᠠᠶᠢᠭᠤᠯᠤᠭᠰᠠᠨ ᠠᠶᠢᠯᠴᠢᠯᠠᠯ ᠭᠡᠳᠡᠭ ᠊ᠢᠢᠡᠷ ᠊ᠢᠢᠡᠨ ᠣᠨᠴᠠᠯᠢᠭ ᠪᠠᠶᠢᠪᠠ᠃

ᠬᠣᠶᠠᠷ ᠤᠯᠤᠰ ᠤᠨ ᠬᠠᠷᠢᠯᠴᠠᠭ᠎ᠠ ᠊ᠢᠢ ᠰᠠᠨᠰᠠᠷ ᠰᠤᠳᠤᠯᠤᠯ᠂ ᠴᠠᠬᠢᠮ ᠡᠳ᠋ ᠍ ᠊ᠢᠢᠨ ᠵᠠᠰᠠᠭ᠂ ᠬᠢᠮᠡᠯ ᠣᠶᠤᠨ ᠤᠬᠠᠭᠠᠨ᠂ ᠺᠢᠫᠧᠷ ᠠᠶᠤᠯ ᠦᠭᠡᠢ ᠪᠠᠶᠢᠳᠠᠯ ᠤᠨ ᠴᠢᠭᠯᠡᠯ ᠊ᠢᠢᠡᠷ ᠲᠥᠷᠦᠯᠵᠢᠭᠦᠯᠦᠨ ᠬᠥᠭᠵᠢᠭᠦᠯᠬᠦ ᠠᠴᠢ ᠬᠣᠯᠪᠣᠭᠳᠠᠯ ᠪᠦᠬᠦᠢ ᠓᠔ ᠠᠭᠤᠯᠵᠠᠯᠲᠠ ᠊ᠢᠢ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠲᠥᠷᠥ᠂ ᠬᠤᠪ ᠤᠨ ᠬᠡᠪᠰᠢᠯ ᠤᠨ ᠲᠥᠯᠥᠭᠡᠯᠡᠭᠴᠢᠳ ᠲᠡᠢ ᠬᠢᠭᠰᠡᠨ ᠶᠤᠮ᠃ ᠲᠤᠬᠠᠶᠢᠯᠠᠪᠠᠯ ᠴᠠᠭᠠᠨ ᠣᠷᠳᠣᠨ ᠊ᠤ ᠦᠨᠳᠦᠰᠦᠨ ᠊ᠤ ᠠᠶᠤᠯ ᠦᠭᠡᠢ ᠪᠠᠶᠢᠳᠠᠯ ᠤᠨ ᠵᠥᠪᠯᠡᠯ ᠤᠨ ᠦᠨᠳᠦᠰᠦᠨ ᠊ᠤ ᠠᠶᠤᠯ ᠦᠭᠡᠢ ᠪᠠᠶᠢᠳᠠᠯ᠂ ᠲᠧᠭᠨᠣᠯᠣᠭᠢ ᠬᠠᠷᠢᠭᠤᠴᠠᠭᠰᠠᠨ ᠵᠠᠬᠢᠷᠤᠯ ᠲᠠᠷᠤᠩ ЧХабра᠂ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠲᠥᠷᠦ ᠊ᠢᠢᠨ ᠳ᠋ᠧᠫᠠᠲ᠋ᠠᠮᠸᠨᠲ ᠤᠨ ᠺᠢᠪᠧᠷ ᠣᠷᠣᠨ ᠵᠠᠢ᠂ ᠴᠠᠬᠢᠮ ᠪᠣᠳᠣᠯᠭ᠎ᠠ ᠊ᠢᠢᠨ ᠠᠯᠪᠠᠨ ᠊ᠤ ᠣᠯᠠᠨ ᠤᠯᠤᠰ ᠤᠨ ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠊ᠤ ᠠᠰᠠᠭᠤᠳᠠᠯ ᠬᠠᠷᠢᠭᠤᠴᠠᠭᠰᠠᠨ ᠲᠥᠷᠦ ᠊ᠢᠢᠨ ᠨᠠᠷᠢᠨ ᠪᠢᠴᠢᠭ ᠤᠨ ᠳᠠᠷᠤᠭ᠎ᠠ ᠤᠨ ᠣᠷᠣᠯᠠᠭᠴᠢ ᠰᠲ᠋ᠢᠸ ᠯᠠᠨ ᠢ᠂ ᠠᠮᠧᠷᠢᠺᠠ ᠊ᠢᠢᠨ ᠨᠢᠭᠡᠳᠦᠭᠰᠡᠨ ᠤᠯᠤᠰ ᠤᠨ ᠰᠠᠨᠰᠠᠷ ᠤᠨ ᠵᠥᠪᠯᠡᠯ ᠤᠨ ᠭᠦᠢᠴᠡᠳᠭᠡᠬᠦ ᠨᠠᠷᠢᠨ ᠪᠢᠴᠢᠭ ᠤᠨ ᠳᠠᠷᠤᠭ᠎ᠠ ᠵ᠃ ᠫᠠᠷᠢ᠂ ᠰᠠᠨᠰᠠᠷ ᠰᠤᠳᠤᠯᠤᠯ᠂ ᠰᠠᠨᠰᠠᠷ ᠤᠨ ᠤᠳᠤᠷᠢᠳᠤᠯᠭ᠎ᠠ ᠊ᠢᠢᠨ ᠭᠠᠵᠠᠷ (National Aeronautics and Space Administration) ᠍ ᠤᠨ ᠣᠷᠣᠯᠠᠭᠴᠢ ᠳᠠᠷᠤᠭ᠎ᠠ ᠵᠡᠮᠰ ᠹᠷᠢ ᠵᠡᠷᠭᠡ ᠠᠯᠪᠠᠨ ᠊ᠤ ᠲᠥᠯᠥᠭᠡᠯᠡᠭᠴᠢᠳ ᠲᠡᠢ ᠬᠢᠭᠰᠡᠨ ᠠᠭᠤᠯᠵᠠᠯᠲᠠ ᠨᠤᠭᠤᠳ ᠊ᠢᠢᠠᠷ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ᠂ ᠰᠠᠨᠰᠠᠷ ᠤᠨ ᠴᠢᠭᠯᠡᠯ ᠊ᠢᠢᠡᠷ ᠬᠠᠮᠲᠤᠷᠠᠵᠤ ᠠᠵᠢᠯᠯᠠᠬᠤ ᠠᠷᠭ᠎ᠠ ᠬᠡᠮᠵᠢᠶ᠎ᠡ ᠨᠦᠭᠦᠳ ᠊ᠢ ᠲᠣᠳᠣᠷᠬᠠᠶᠢᠯᠠᠵᠠᠢ᠃

Starlink ᠍ ᠤᠨ ᠮᠣᠩᠭᠣᠯ ᠳᠠᠬᠢ ᠦᠢᠯᠡᠴᠢᠯᠡᠭᠡ ᠊ᠢᠢ ᠒᠐᠒᠔ ᠣᠨ ᠊ᠤ ᠒ ᠳ᠋ᠤᠭᠠᠷ ᠰᠠᠷ᠎ᠠ ᠊ᠢᠢᠨ ᠒᠖ ᠍᠊ᠳᠦ ᠨᠡᠭᠡᠭᠡᠨ᠎ᠡ᠃

ᠠᠮᠧᠷᠢᠺᠠ ᠊ᠢᠢᠨ ᠨᠢᠭᠡᠳᠦᠭᠰᠡᠨ ᠤᠯᠤᠰ ᠤᠨ ᠰᠠᠨᠰᠠᠷ ᠤᠨ ᠵᠥᠪᠯᠡᠯ ᠤᠨ ᠭᠦᠢᠴᠡᠳᠭᠡᠬᠦ ᠨᠠᠷᠢᠨ ᠪᠢᠴᠢᠭ ᠤᠨ ᠳᠠᠷᠤᠭ᠎ᠠ ᠵ᠃ ᠫᠠᠷᠢ᠂ ᠰᠠᠨᠰᠠᠷ ᠰᠤᠳᠤᠯᠤᠯ᠂ ᠰᠠᠨᠰᠠᠷ ᠤᠨ ᠤᠳᠤᠷᠢᠳᠤᠯᠭ᠎ᠠ ᠊ᠢᠢᠨ ᠭᠠᠵᠠᠷ (National Aeronautics and Space Administration) ᠍ ᠤᠨ ᠣᠷᠣᠯᠠᠭᠴᠢ ᠳᠠᠷᠤᠭ᠎ᠠ ᠵᠡᠮᠰ ᠹᠷᠢ ᠵᠡᠷᠭᠡ ᠠᠯᠪᠠᠨ ᠊ᠤ ᠲᠥᠯᠥᠭᠡᠯᠡᠭᠴᠢᠳ ᠲᠡᠢ ᠠᠭᠤᠯᠵᠠᠯᠲᠠ ᠬᠢᠵᠦ᠂ ᠰᠠᠨᠰᠠᠷ ᠤᠨ ᠶᠡᠬᠡ ᠥᠭᠭᠥᠭᠳᠡᠯ ᠠᠰᠢᠭᠯᠠᠯᠲᠠ ᠊ᠢᠢ ᠨᠡᠮᠡᠭᠳᠡᠭᠦᠯᠬᠦ ᠴᠢᠳᠠᠪᠬᠢᠵᠢᠭᠤᠯᠬᠤ ᠬᠥᠲᠥᠯᠪᠦᠷᠢ ᠊ᠢᠢ ᠥᠷᠭᠡᠵᠢᠭᠦᠯᠵᠦ᠂ ᠮᠠᠷᠰ ᠭᠠᠷᠠᠭ ᠢ ᠰᠤᠳᠤᠯᠭᠠᠨ ᠊ᠳᠤ ᠮᠣᠩᠭᠣᠯ ᠤᠯᠤᠰ ᠤᠨ ᠡᠷᠳᠡᠮᠲᠡᠨ ᠰᠤᠳᠤᠯᠤᠭᠠᠴᠢ᠂ ᠮᠡᠷᠭᠡᠵᠢᠯᠲᠡᠨ ᠨᠦᠭᠦᠳ ᠊ᠢᠢᠡᠨ ᠣᠷᠤᠯᠴᠠᠭᠤᠯᠬᠤ ᠪᠠᠷ ᠲᠣᠬᠢᠷᠠᠯᠴᠠᠪᠠ᠃

《SpaceX》 ᠺᠣᠮᠫᠠᠨᠢ ᠊ᠢᠢᠨ ᠳᠡᠳ᠋ ᠶᠡᠷᠦᠩᠬᠡᠶᠢᠯᠡᠭᠴᠢ ᠲᠣᠮᠣ ᠣᠴᠢᠨᠧᠷᠣ᠋ ᠍ ᠲᠠᠢ ᠠᠭᠤᠯᠵᠠᠵᠤ᠂ Starlink ᠍ ᠤᠨ ᠮᠣᠩᠭᠣᠯ ᠳᠠᠬᠢ ᠦᠢᠯᠡᠴᠢᠯᠡᠭᠡ ᠊ᠢᠢ ᠒᠐᠒᠔ ᠣᠨ ᠊ᠤ ᠒ ᠳ᠋ᠤᠭᠠᠷ ᠰᠠᠷ᠎ᠠ ᠊ᠢᠢᠨ ᠒᠖ ᠍ ᠊ᠤ ᠡᠳᠦᠷ ᠠᠯᠪᠠᠨ ᠶᠣᠰᠣᠭᠠᠷ ᠨᠡᠭᠡᠭᠡᠬᠦ᠂ ᠨᠡᠭᠡᠭᠡᠯᠲᠡ ᠊ᠢᠢ ᠢᠰᠫᠠᠨᠢ ᠤᠯᠤᠰ ᠤᠨ ᠪᠠᠷᠰᠧᠯᠤᠨᠠ ᠬᠣᠲᠣᠨ ᠊ᠢᠢᠠᠨ ᠵᠣᠬᠢᠶᠠᠨ ᠪᠠᠶᠢᠭᠤᠯᠤᠭᠳᠠᠬᠤ 《ᠳᠡᠯᠬᠤᠨ ᠡᠭᠦᠷᠡᠨ ᠬᠣᠯᠪᠣᠭᠠᠨ ᠊ᠤ ᠺᠣᠩᠷᠧᠰ》 ᠍ ᠊ᠢᠢᠨ ᠦᠶ᠎ᠡ ᠪᠡᠷ ᠬᠢᠬᠦ ᠪᠡᠷ ᠲᠣᠬᠢᠷᠠᠯᠴᠠᠪᠠ᠃

ᠲᠡᠭᠦᠨᠴᠢᠯᠡᠨ ᠹᠷᠠᠨᠼᠢ ᠤᠯᠤᠰ ᠤᠨ ᠲᠠᠯᠧᠰ ᠠᠯᠧᠨᠢ ᠪᠠᠨ ᠺᠣᠮᠫᠠᠨᠢ ᠲᠠᠢ ᠬᠠᠮᠲᠤᠷᠠᠵᠤ ᠬᠡᠷᠡᠭᠵᠢᠭᠦᠯᠬᠦ ᠪᠡᠷ ᠠᠵᠢᠯᠯᠠᠵᠤ ᠪᠤᠢ ᠦᠨᠳᠦᠰᠦᠨ ᠊ᠤ ᠬᠢᠮᠡᠯ ᠳᠠᠭᠠᠭᠤᠯᠢ ᠊ᠢᠢ ᠒᠐᠒᠗ ᠣᠨ ᠊ᠳᠤ 《SpaceX》 ᠺᠣᠮᠫᠠᠨᠢ ᠪᠠᠷ ᠬᠦᠭᠰᠡᠭᠦᠯᠬᠦ ᠭᠤᠷᠪᠠᠯᠠᠭᠰᠠᠨ ᠬᠠᠮᠲᠤ ᠊ᠢᠢᠨ ᠠᠵᠢᠯᠯᠠᠭᠠᠨ ᠊ᠤ ᠪᠡᠯᠡᠳᠬᠡᠯ ᠠᠵᠢᠯ ᠊ᠢ ᠡᠬᠢᠯᠡᠭᠦᠯᠬᠦ ᠊ᠢᠢᠠᠷ ᠲᠣᠭᠲᠠᠪᠠ᠃

Apple Pay ᠍ ᠊ᠢ ᠒᠐᠒᠔ ᠣᠨ ᠊ᠤ ᠖ ᠳ᠋ᠤᠭᠠᠷ ᠰᠠᠷ᠎ᠠ ᠊ᠳᠤ ᠪᠠᠭᠲᠠᠭᠠᠨ ᠮᠣᠩᠭᠣᠯ ᠤᠯᠤᠰ ᠳᠦ ᠨᠡᠪᠲᠡᠷᠡᠭᠦᠯᠦᠨ᠎ᠡ᠃

ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ Apple Pay᠂ Paypal᠂ Stripe ᠵᠡᠷᠭᠡ ᠣᠯᠠᠨ ᠤᠯᠤᠰ ᠤᠨ ᠴᠠᠬᠢᠮ ᠲᠥᠯᠦᠪᠦᠷᠢ ᠲᠣᠭᠠᠴᠠᠭᠠᠨ ᠊ᠤ ᠭᠠᠷᠴᠠ᠂ ᠰᠢᠢᠳᠦᠯ ᠊ᠢ ᠲᠥᠷᠦᠯᠵᠢᠭᠦᠯᠬᠦ ᠨᠢ ᠮᠠᠨ ᠊ᠤ ᠤᠯᠤᠰ ᠤᠨ ᠴᠠᠬᠢᠮ ᠡᠳ᠋ ᠍᠊ᠢᠢᠨ ᠵᠠᠰᠠᠭ ᠤᠨ ᠪᠡᠶ᠎ᠡ ᠳᠠᠭᠠᠭᠰᠠᠨ ᠪᠠᠶᠢᠳᠠᠯ ᠊ᠳᠤ ᠴᠢᠬᠤᠯᠠ ᠨᠥᠯᠦᠭᠡ ᠲᠡᠢ ᠪᠣᠯᠬᠤ ᠊ᠢᠢ ᠲᠡᠮᠳᠡᠭᠯᠡᠵᠦ᠂ Apple ᠺᠣᠮᠫᠠᠨᠢ ᠊ᠢᠢᠨ ᠵᠠᠰᠠᠭ ᠤᠨ ᠭᠠᠵᠠᠷ ᠤᠨ ᠬᠠᠷᠢᠯᠴᠠᠭ᠎ᠠ ᠊ᠢᠢ ᠬᠠᠷᠢᠭᠤᠴᠠᠭᠰᠠᠨ ᠳᠡᠳ᠋ ᠶᠡᠷᠦᠩᠬᠡᠶᠢᠯᠡᠭᠴᠢ Nick Gammon᠂ Visa ᠺᠣᠮᠫᠠᠨᠢ ᠊ᠢᠢᠨ ᠳᠡᠳ᠋ ᠶᠡᠷᠦᠩᠬᠡᠶᠢᠯᠡᠭᠴᠢ ᠮᠠᠶᠢᠺᠯ ᠨᠤᠢᠨ᠋ᠧᠰ ᠵᠡᠷᠭᠡ ᠬᠣᠯᠪᠣᠭᠳᠠᠬᠤ ᠲᠠᠯ᠎ᠠ ᠨᠤᠭᠤᠳ ᠲᠠᠢ ᠠᠭᠤᠯᠵᠠᠯᠲᠠ ᠬᠢᠪᠡ᠃ ᠠᠭᠤᠯᠵᠠᠯᠲᠠ ᠨᠤᠭᠤᠳ ᠤᠨ ᠦᠷ᠎ᠡ ᠳ᠋ᠦᠩ ᠊ᠳᠦ 《Apple pay》 ᠡᠨᠡ ᠣᠨ ᠊ᠤ ᠖ ᠳ᠋ᠤᠭᠠᠷ ᠰᠠᠷ᠎ᠠ ᠊ᠳᠤ ᠪᠠᠭᠲᠠᠭᠠᠨ Apple Pay ᠮᠣᠩᠭᠣᠯ ᠤᠯᠤᠰ ᠲᠤ ᠦᠢᠯᠡ ᠠᠵᠢᠯᠯᠠᠭ᠎ᠠ ᠊ᠢᠢ ᠪᠠᠨ ᠨᠡᠪᠡᠷᠡᠭᠦᠯᠬᠦ ᠪᠡᠷ ᠪᠣᠯᠤᠭᠰᠠᠨ ᠲᠡᠳᠦᠢ ᠦᠭᠡᠢ Paypal᠂ Stripe ᠵᠡᠷᠭᠡ ᠰᠢᠢᠳᠦᠯ ᠤᠳ ᠊ᠢ ᠨᠡᠪᠲᠡᠷᠡᠭᠦᠯᠬᠦ ᠳᠦ ᠪᠦᠬᠦ ᠲᠠᠯ᠎ᠠ ᠊ᠢᠢᠨ ᠳᠡᠮᠵᠢᠯᠭᠡ ᠦᠵᠡᠭᠦᠯᠬᠦ ᠪᠡᠨ ᠮᠡᠳᠡᠭᠳᠡᠪᠡ᠃

ᠴᠠᠬᠢᠭᠤᠷ ᠤᠨ ᠬᠥᠨᠳᠡᠢ ᠳᠦ ᠮᠣᠩᠭᠣᠯ ᠤᠨ 8 ᠺᠣᠮᠫᠠᠨᠢ ᠭᠠᠷᠤᠯ᠎ᠠ᠃

• Teso Investment LLC

• Gund Investment LLC

• ICT Group JSC

• ONDO LLC

• Fibo global LLC

• Intelmind LLC

• Gerege Systems LLC

• Mezorn LLC ᠨᠠᠷ ᠤᠨ ᠨᠠᠶᠢᠮᠠᠨ ᠠᠵᠤ ᠠᠬᠤᠢ ᠨᠢᠭᠡᠴᠡ ᠮᠣᠩᠭᠣᠯ ᠤᠯᠤᠰ ᠤᠨ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠣᠯᠠᠨ ᠵᠠᠭᠤᠨ ᠠᠵᠤ ᠠᠬᠤᠢ ᠨᠢᠭᠡᠴᠡ ᠊ᠢᠢ ᠲᠥᠯᠦᠭᠡᠯᠡᠵᠦ ᠴᠠᠬᠢᠭᠤᠷ ᠤᠨ ᠬᠥᠨᠳᠡᠢ ᠊ᠢᠢᠨ ᠡᠺᠣᠰᠢᠰᠲ᠋ᠧᠮ ᠊ᠳᠦ ᠨᠡᠪᠲᠡᠷᠡᠴᠢ ᠣ᠊ ᠤ- ᠍᠊ᠢᠢᠨ ᠵᠠᠬ᠎ᠠ ᠵᠡᠭᠡᠯᠢ ᠊ᠳᠦ ᠭᠠᠷᠬᠤ ᠲᠣᠮᠣᠬᠠᠨ ᠠᠯᠬᠤᠮ ᠊ᠢᠢᠠᠨ ᠬᠢᠭᠰᠡᠨ ᠨᠢ ᠠᠶᠢᠯᠴᠢᠯᠠᠯ ᠤᠨ ᠣᠨᠴᠠᠯᠠᠬᠤ ᠦᠷ᠎ᠡ ᠳ᠋ᠦᠩ ᠪᠠᠶᠢᠯ᠎ᠠ᠃

ᠲᠥᠪ ᠠᠽᠢᠶ᠎ᠠ ᠊ᠢᠢᠨ ᠤᠯᠤᠰ ᠣᠷᠣᠨ ᠨᠤᠭᠤᠳ ᠲᠠᠢ ᠬᠠᠮᠲᠤᠷᠠᠭᠰᠠᠨ ᠰᠠᠨᠠᠭᠠᠴᠢᠯᠭ᠎ᠠ ᠊ᠢᠢᠨ ᠬᠦᠷᠢᠶᠡᠨ ᠊ᠳᠦ ᠬᠡᠷᠡᠭᠵᠢᠵᠦ ᠪᠠᠶᠢᠭ᠎ᠠ ᠲᠣᠷᠭᠠᠨ ᠊ᠤ ᠵᠠᠮ ᠢᠨᠨᠣᠸᠠᠼ ᠤᠨ ᠲᠥᠪ ᠲᠦ ᠠᠯᠪᠠᠨ ᠶᠣᠰᠣᠭᠠᠷ ᠳᠡᠭᠡᠷᠡᠬᠢ ᠘ ᠺᠣᠮᠫᠠᠨᠢ ᠊ᠢᠢ ᠪᠠᠶᠢᠷᠢᠰᠢᠭᠤᠯᠵᠤ ᠪᠤᠢ ᠪᠥᠭᠡᠳ ᠲᠤᠰ ᠲᠥᠪ ᠤᠨ ᠳᠡᠷᠭᠡᠳᠡ ᠲᠥᠪ ᠠᠽᠢᠶ᠎ᠠ ᠡᠴᠠ ᠑ ᠲᠡᠷᠪᠤᠮ ᠠᠮᠠ.ᠳ᠋ᠣᠯᠯᠠᠷ ᠤᠨ ᠦᠨᠡᠯᠡᠭᠡ ᠲᠡᠢ ᠭᠠᠷᠠᠭᠠᠨ ᠊ᠤ ᠪᠢᠽᠢᠨ᠋ᠧᠰ ᠊ᠢ ᠲᠥᠷᠦᠭᠦᠯᠬᠦ ᠵᠣᠷᠢᠯᠭ᠎ᠠ ᠪᠦᠬᠦᠢ ᠓᠐ ᠰᠠᠶ᠎ᠠ ᠠᠮᠠ.ᠳ᠋ᠣᠯᠯᠠᠷ ᠤᠨ ᠬᠥᠷᠦᠩᠭᠡ ᠣᠷᠣᠭᠤᠯᠤᠯᠲᠠ ᠊ᠢᠢᠨ ᠰᠠᠩ ᠊ᠢ ᠪᠠᠶᠢᠭᠤᠯᠵᠤ ᠪᠤᠢ ᠪᠢᠯᠡ᠃

ᠲᠡᠭᠦᠨᠴᠢᠯᠡᠨ DX Ventures᠂ Network Venture Capital᠂ Ven Elite ᠵᠡᠷᠭᠡ ᠸᠸᠨᠴᠢ ᠰᠠᠨ᠂ Plug and Play᠂ Mind the Bridge ᠵᠡᠷᠭᠡ ᠬᠤᠷᠳᠤᠰᠬᠠᠭᠤᠷ ᠬᠥᠲᠦᠯᠪᠦᠷᠢ ᠬᠡᠷᠡᠭᠵᠢᠭᠦᠯᠦᠭᠴᠢ ᠨᠠᠷᠠᠲᠠᠢ ᠬᠤᠪ ᠤᠨ ᠬᠡᠪᠰᠢᠯ ᠤᠨ ᠲᠥᠯᠦᠭᠡᠯᠡᠯ ᠤᠨ ᠬᠠᠮᠲᠤ ᠠᠭᠤᠯᠵᠠᠵᠤ᠂ ᠮᠣᠩᠭᠣᠯ ᠤᠨ ᠭᠠᠷᠠᠭᠠᠨ ᠊ᠤ ᠪᠢᠽᠢᠨ᠋ᠧᠰ ᠤᠳ ᠲᠦ ᠬᠥᠷᠦᠩᠭᠡ ᠣᠷᠣᠭᠤᠯᠤᠯᠲᠠ ᠲᠠᠲᠠᠬᠤ᠂ ᠣᠯᠠᠨ ᠤᠯᠤᠰ ᠤᠨ ᠵᠠᠬ᠎ᠠ ᠵᠡᠭᠡᠯᠢ ᠊ᠳᠦ ᠭᠠᠷᠬᠤ ᠪᠣᠯᠤᠮᠵᠢ ᠊ᠢᠢ ᠡᠷᠢᠯᠬᠢᠯᠡᠪᠡ᠃

Google for Startups ᠬᠤᠷᠳᠤᠰᠬᠠᠭᠤᠷ ᠬᠥᠲᠦᠯᠪᠦᠷᠢ ᠮᠣᠩᠭᠣᠯ ᠊ᠳᠤ

Google ᠺᠣᠮᠫᠠᠨᠢ ᠮᠣᠩᠭᠣᠯ ᠤᠯᠤᠰ ᠲᠠᠢ ᠬᠡᠷᠡᠭᠵᠢᠭᠦᠯᠵᠦ ᠪᠤᠢ ᠬᠠᠮᠲᠤ ᠊ᠢᠢᠨ ᠠᠵᠢᠯᠯᠠᠭᠠᠨ ᠊ᠤ ᠬᠦᠷᠢᠶᠡᠨ ᠊ᠳᠦ Google ᠺᠣᠮᠫᠠᠨᠢ ᠬᠢᠮᠡᠯ ᠣᠶᠤᠨ ᠤᠬᠠᠭᠠᠨ ᠊ᠤ ᠴᠢᠭᠯᠡᠯ ᠊ᠢᠢᠡᠷ ᠬᠢᠭᠳᠡᠵᠦ ᠪᠤᠢ ᠰᠤᠳᠤᠯᠭ᠎ᠠ᠂ ᠬᠥᠭᠵᠢᠭᠦᠯᠦᠯᠲᠡ᠂ ᠪᠦᠲᠦᠭᠡᠭᠳᠡᠬᠦᠨ ᠦᠢᠯᠡᠴᠢᠯᠡᠭᠡᠨ ᠊ᠤ ᠲᠠᠨᠢᠯᠴᠠᠭᠤᠯᠭ᠎ᠠ ᠬᠢᠵᠦ᠂ ᠬᠠᠮᠲᠤᠷᠠᠵᠤ ᠑᠂᠕᠐᠐ ᠬᠦᠮᠦᠨ ᠊ᠤ ᠨᠥᠭᠡᠴᠡ ᠪᠡᠯᠡᠳᠬᠡᠬᠦ ᠬᠥᠲᠦᠯᠪᠦᠷᠢ ᠪᠡᠨ ᠡᠨᠡ ᠣᠨ ᠊ᠤ ᠓ ᠳ᠋ᠤᠭᠠᠷ ᠰᠠᠷ᠎ᠠ ᠡᠴᠠ ᠡᠬᠢᠯᠡᠭᠦᠯᠬᠦ ᠪᠡᠷ ᠪᠣᠯᠵᠤ᠂ ᠳᠤᠮᠳᠠ ᠬᠤᠭᠤᠴᠠᠭᠠᠨ ᠊ᠳᠤ ᠮᠣᠩᠭᠣᠯ ᠊ᠳᠤ ᠴᠠᠬᠢᠮ ᠤᠷ᠎ᠠ ᠴᠢᠳᠠᠪᠤᠷᠢ ᠊ᠢᠢᠨ ᠲᠥᠪ ᠪᠠᠶᠢᠭᠤᠯᠵᠤ᠂ ᠪᠦᠰᠡ ᠨᠤᠲᠤᠭ ᠲᠤ ᠲᠤᠷᠰᠢᠯᠭ᠎ᠠ ᠬᠤᠪᠢᠶᠠᠯᠴᠠᠬᠤ ᠴᠢᠭᠯᠡᠯ ᠊ᠢᠢᠡᠷ ᠬᠠᠮᠲᠤᠷᠠᠵᠤ ᠠᠵᠢᠯᠯᠠᠬᠤ ᠪᠠᠨ ᠮᠡᠳᠡᠭᠳᠡᠪᠡ᠃

ᠲᠡᠭᠦᠨᠴᠢᠯᠡᠨ Google map ᠳᠡᠭᠡᠷ᠎ᠡ ᠮᠣᠩᠭᠣᠯ ᠤᠯᠤᠰ ᠤᠨ ᠨᠤᠲᠤᠭ ᠳᠡᠪᠢᠰᠬᠡᠷ ᠳᠡᠭᠡᠷᠡᠬᠢ ᠪᠤᠷᠤᠭᠤ ᠲᠠᠰᠢᠶ᠎ᠠ ᠲᠡᠮᠳᠡᠭᠯᠡᠭᠡ ᠊ᠢᠢ ᠵᠠᠰᠠᠬᠤ ᠬᠦᠰᠡᠯᠲᠡ ᠊ᠢᠢ Google ᠺᠣᠮᠫᠠᠨᠢ ᠊ᠢᠢᠨ ᠤᠳᠤᠷᠢᠳᠤᠯᠭ᠎ᠠ ᠊ᠳᠤ ᠲᠠᠯᠪᠢᠵᠤ᠂ ᠪᠣᠭᠣᠨᠢ ᠬᠤᠭᠤᠴᠠᠭᠠᠨ ᠊ᠳᠤ ᠰᠢᠢᠳᠪᠦᠷᠢᠯᠡᠭᠦᠯᠪᠡ᠃

ᠬᠠᠷᠢᠨ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠠᠵᠤ ᠠᠬᠤᠢ ᠊ᠢᠢᠨ ᠨᠢᠭᠡᠴᠡ ᠨᠦᠭᠦᠳ ᠤᠨ ᠬᠦᠰᠡᠯᠲᠦ ᠪᠡᠷ Google for Startups ᠬᠤᠷᠳᠤᠰᠬᠠᠭᠤᠷ ᠬᠥᠲᠥᠯᠪᠦᠷᠢ ᠊ᠢᠢ ᠮᠣᠩᠭᠣᠯ ᠊ᠳᠤ ᠬᠡᠷᠡᠭᠵᠢᠭᠦᠯᠬᠦ ᠪᠡᠯᠡᠳᠬᠡᠯ ᠠᠵᠢᠯ ᠊ᠢ ᠡᠨᠡ ᠣᠨ ᠊ᠳᠤ ᠬᠠᠩᠭᠠᠬᠤ ᠪᠠᠷ ᠲᠣᠬᠢᠷᠠᠯᠴᠠᠪᠠ᠃

ᠴᠠᠬᠢᠭᠤᠷ ᠤᠨ ᠬᠥᠨᠳᠡᠢ ᠊ᠢᠢᠨ ᠢᠨᠵᠧᠨᠧᠷ ᠤᠳ ᠴᠠᠬᠢᠮ ᠰᠠᠶᠢᠳ ᠲᠤ ᠵᠥᠪᠡᠯᠡᠨ᠎ᠡ᠃

ᠴᠠᠬᠢᠭᠤᠷ ᠤᠨ ᠬᠥᠨᠳᠡᠢ ᠳ᠋ᠡᠬᠢ ᠮᠣᠩᠭᠣᠯᠴᠤᠳ ᠲᠠᠢ ᠠᠭᠤᠯᠵᠠᠯᠲᠠ ᠬᠢᠵᠦ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠳᠡᠷᠭᠡᠳᠡ ᠴᠠᠬᠢᠮ ᠡᠳ᠋ ᠍ ᠊ᠢᠢᠨ ᠵᠠᠰᠠᠭ ᠤᠨ ᠪᠣᠳᠣᠯᠭ᠎ᠠ ᠊ᠢᠢᠨ ᠵᠥᠪᠯᠡᠯ ᠪᠠᠶᠢᠭᠤᠯᠬᠤ ᠪᠠᠷ ᠲᠣᠭᠲᠠᠯ᠎ᠠ᠃ ᠳᠡᠯᠡᠬᠡᠢ ᠊ᠢᠢᠨ ᠲᠡᠷᠢᠭᠦᠯᠡᠭᠴᠢ ᠲᠧᠭᠨᠣᠯᠣᠭᠢ ᠊ᠢᠢᠨ ᠺᠣᠮᠫᠠᠨᠢ ᠨᠤᠭᠤᠳ ᠤᠨ ᠴᠠᠬᠢᠭᠤᠷ ᠤᠨ ᠬᠥᠨᠳᠡᠢ ᠳ᠋ᠡᠬᠢ ᠲᠥᠪᠡᠳ ᠡᠳᠦᠭᠡ ᠓᠕᠐ ᠣᠷᠴᠢᠮ ᠮᠣᠩᠭᠣᠯᠴᠤᠳ ᠠᠵᠢᠯᠯᠠᠵᠤ ᠪᠠᠶᠢᠭ᠎ᠠ ᠪᠥᠭᠡᠳ ᠡᠨᠡᠬᠦ ᠵᠥᠪᠯᠡᠯ ᠊ᠢ ᠪᠠᠶᠢᠭᠤᠯᠤᠭᠰᠠᠨ ᠊ᠢᠢᠠᠷ ᠮᠣᠩᠭᠣᠯ ᠤᠯᠤᠰ ᠤᠨ ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠤᠨ ᠣᠯᠠᠨ ᠤᠯᠤᠰ ᠲᠤ ᠥᠷᠢᠰᠦᠯᠳᠡᠬᠦ ᠴᠢᠳᠠᠪᠬᠢ ᠊ᠢᠢ ᠨᠡᠮᠡᠭᠳᠡᠭᠦᠯᠬᠦ ᠪᠣᠳᠣᠯᠭ᠎ᠠ ᠊ᠢᠢᠨ ᠣᠷᠴᠢᠨ ᠊ᠢ ᠲᠣᠳᠣᠷᠬᠠᠶᠢᠯᠠᠵᠤ᠂ ᠡᠬᠡ ᠣᠷᠣᠨ ᠊ᠤ ᠪᠠᠨ ᠬᠥᠭᠵᠢᠯᠳᠦ ᠪᠣᠳᠠᠲᠤ ᠬᠤᠪᠢ ᠨᠡᠮᠡᠷᠢ ᠣᠷᠣᠭᠤᠯᠬᠤ ᠪᠣᠯᠤᠮᠵᠢ ᠊ᠢᠢ ᠨᠡᠭᠡᠭᠡᠵᠦ᠂ ᠤᠯᠠᠮ ᠊ᠢᠢᠠᠷ ᠡᠳᠡᠭᠡᠷ ᠮᠡᠷᠭᠡᠵᠢᠯᠲᠡᠨ ᠨᠦᠭᠦᠳ ᠊ᠢᠢᠶᠡᠨ ᠮᠣᠩᠭᠣᠯ ᠤᠯᠤᠰ ᠲᠤ ᠪᠠᠨ ᠲᠠᠲᠠᠬᠤ ᠰᠤᠪᠠᠭ ᠪᠣᠯᠬᠤ ᠡᠴᠢ ᠬᠣᠯᠪᠣᠭᠳᠠᠯ ᠲᠠᠢ᠃

ᠬᠢᠮᠡᠯ ᠣᠶᠤᠨ ᠤᠬᠠᠭᠠᠨ ᠊ᠤ ᠴᠢᠭᠯᠡᠯᠡᠷᠬᠡ ᠬᠠᠮᠲᠤ ᠊ᠢᠢᠨ ᠠᠵᠢᠯᠯᠠᠭ᠎ᠠ

ᠬᠢᠮᠡᠯ ᠣᠶᠤᠨ ᠤᠬᠠᠭᠠᠨ ᠬᠥᠭᠵᠢᠭᠦᠯᠦᠯᠲᠡ᠂ ᠠᠰᠢᠭᠯᠠᠯᠲᠠ᠂ ᠪᠣᠳᠣᠯᠭ᠎ᠠ ᠊ᠢᠢᠨ ᠣᠷᠴᠢᠨ ᠊ᠢ ᠲᠣᠳᠣᠷᠬᠠᠶᠢᠯᠠᠬᠤ ᠊ᠳᠤ ᠰᠠᠶᠢᠨ ᠲᠤᠷᠰᠢᠯᠭ᠎ᠠ ᠰᠤᠳᠤᠯᠬᠤ ᠵᠣᠷᠢᠯᠭ᠎ᠠ ᠪᠠᠷ ᠰᠲᠡᠨᠹᠣᠷᠳ᠋ ᠍ ᠤᠨ ᠶᠡᠬᠡ ᠰᠤᠷᠭᠠᠭᠤᠯᠢ ᠊ᠢᠢᠨ ᠬᠦᠮᠦᠨ ᠲᠥᠪ ᠲᠡᠢ ᠬᠢᠮᠡᠯ ᠣᠶᠤᠨ ᠤᠬᠠᠭᠠᠨ ᠰᠤᠳᠤᠯᠤᠯ ᠤᠨ ᠡᠷᠳᠡᠮ ᠰᠢᠨᠵᠢᠯᠡᠭᠡᠨ ᠊ᠤ ᠬᠦᠷᠢᠶᠡᠯᠡᠨ᠂ E᠊Y Emerging Technologies Lab ᠍ ᠲᠠᠢ ᠠᠭᠤᠯᠵᠠᠯᠲᠠ ᠬᠢᠵᠦ᠂ ᠰᠠᠨᠠᠯ ᠰᠣᠯᠢᠯᠴᠠᠪᠠ. Ernst ᠊ Young᠂ MIT᠂ Boston Global Forum᠂ ᠳᠡᠯᠡᠬᠡᠢ ᠊ᠢᠢᠨ ᠪᠠᠩᠬᠢ ᠬᠠᠮᠲᠤᠷᠠᠭᠰᠠᠨ Prosperity Alliance ᠍ ᠲᠤ ᠬᠦᠰᠡᠯ ᠊ᠳᠦ ᠲᠠᠯᠪᠢᠵᠤ᠂ ᠬᠢᠮᠡᠯ ᠣᠶᠤᠨ ᠤᠬᠠᠭᠠᠨ ᠰᠤᠳᠤᠯᠭᠠᠨ ᠊ᠤ E᠊Y Emerging Technologies Lab ᠍ ᠪᠠᠷ ᠬᠢᠮᠡᠯ ᠣᠶᠤᠨ ᠤᠬᠠᠭᠠᠨ ᠊ᠤ ᠴᠢᠭᠯᠡᠯ ᠊ᠢᠢᠡᠷ ᠮᠠᠨ ᠊ᠤ ᠤᠯᠤᠰ ᠤᠨ ᠪᠣᠳᠣᠯᠭ᠎ᠠ ᠊ᠢᠢᠨ ᠣᠷᠴᠢᠨ ᠊ᠳᠤ ᠵᠥᠪᠯᠡᠮᠵᠢ ᠭᠠᠷᠭᠠᠭᠤᠯᠪᠠ᠃ ᠬᠠᠷᠢᠨ ᠰᠲᠡᠨᠹᠣᠷᠳ᠋ ᠍ ᠤᠨ ᠶᠡᠬᠡ ᠰᠤᠷᠭᠠᠭᠤᠯᠢ ᠊ᠢᠢᠨ ᠬᠦᠮᠦᠨ ᠲᠥᠪ ᠲᠡᠢ ᠬᠢᠮᠡᠯ ᠣᠶᠤᠨ ᠤᠬᠠᠭᠠᠨ ᠰᠤᠳᠤᠯᠤᠯ ᠤᠨ ᠡᠷᠳᠡᠮ ᠰᠢᠨᠵᠢᠯᠡᠭᠡᠨ ᠊ᠤ ᠬᠦᠷᠢᠶᠡᠯᠡᠩ ᠊ᠳᠦ ᠮᠣᠩᠭᠣᠯ ᠡᠷᠳᠡᠮᠲᠡᠳ ᠡᠷᠳᠡᠮ ᠰᠢᠨᠵᠢᠯᠡᠭᠡᠨ ᠊ᠤ ᠠᠵᠢᠯ ᠬᠢᠬᠦ ᠪᠣᠯᠤᠮᠵᠢ ᠲᠠᠢ ᠊ᠢᠢ ᠮᠡᠳᠡᠭᠳᠡᠵᠦ᠂ ᠠᠽᠢᠶ᠎ᠠ ᠊ᠢᠢᠨ ᠰᠠᠩ ᠲᠠᠢ ᠬᠠᠮᠲᠤᠷᠠᠵᠤ ᠪᠣᠳᠣᠯᠭ᠎ᠠ ᠊ᠢᠢᠨ ᠣᠷᠴᠢᠨ ᠊ᠤ ᠵᠥᠪᠯᠡᠯ ᠊ᠳᠦ ᠬᠢ ᠠᠭᠤᠯᠵᠠᠯᠲᠠ᠂ ᠬᠦᠮᠦᠨ ᠊ᠤ ᠨᠥᠭᠡᠴᠡ ᠴᠢᠳᠠᠪᠬᠢᠵᠢᠭᠤᠯᠬᠤ ᠬᠥᠲᠦᠯᠪᠦᠷᠢ ᠊ᠢᠢ ᠵᠣᠬᠢᠶᠠᠨ ᠪᠠᠶᠢᠭᠤᠯᠬᠤ ᠴᠢᠭᠯᠡᠯ ᠊ᠢᠢᠡᠷ ᠠᠵᠢᠯᠯᠠᠬᠤ ᠪᠠᠷ ᠲᠣᠬᠢᠷᠠᠯᠴᠠᠪᠠ᠃

ᠬᠠᠷᠢᠨ ᠳᠡᠯᠡᠬᠡᠢ ᠨᠡᠶᠢᠲᠡ ᠪᠡᠷ ᠱᠤᠤᠭᠢᠭᠤᠯᠵᠤ ᠪᠠᠶᠢᠭ᠎ᠠ ChatGPT ᠵᠡᠷᠭᠡ ᠬᠢᠮᠡᠯ ᠣᠶᠤᠨ ᠤᠬᠠᠭᠠᠨ ᠊ᠤ ᠰᠠᠭᠤᠷᠢ ᠰᠤᠫᠧᠷ ᠺᠣᠮᠫᠢᠶᠦ᠋ᠲ᠋ᠧᠷ ᠤᠨ ᠲᠣᠨᠣᠭ ᠲᠥᠬᠥᠭᠡᠷᠦᠮᠵᠢ ᠦᠢᠯᠡᠳᠪᠦᠷᠢᠯᠡᠭᠴᠢ NVIDIA ᠺᠣᠮᠫᠠᠨᠢ ᠊ᠢᠢᠨ ᠤᠳᠤᠷᠢᠳᠤᠯᠭ᠎ᠠ ᠮᠣᠩᠭᠣᠯ ᠤᠨ ᠬᠢᠮᠡᠯ ᠣᠶᠤᠨ ᠤᠬᠠᠭᠠᠨ ᠬᠥᠭᠵᠢᠭᠦᠯᠦᠭᠴᠢ ᠨᠠᠷ ᠲᠤ ᠵᠣᠷᠢᠭᠤᠯᠤᠭᠰᠠᠨ ᠮᠣᠩᠭᠣᠯ ᠤᠯᠤᠰ ᠲᠤ ᠰᠤᠫᠧᠷ ᠺᠣᠮᠫᠶᠦ᠋ᠲ᠋ᠧᠷ ᠤᠨ ᠲᠥᠪ ᠪᠠᠶᠢᠭᠤᠯᠬᠤ ᠴᠢᠭᠯᠡᠯ ᠊ᠢᠢᠡᠷ ᠬᠠᠮᠲᠤᠷᠠᠵᠤ ᠠᠵᠢᠯᠯᠠᠬᠤ ᠪᠣᠯᠤᠮᠵᠢ ᠊ᠢᠢ ᠡᠷᠢᠯᠬᠢᠯᠡᠪᠡ᠃ ᠡᠨᠡ ᠨᠢ ᠮᠠᠨ ᠊ᠤ ᠤᠯᠤᠰ ᠬᠢᠮᠡᠯ ᠣᠶᠤᠨ ᠤᠬᠠᠭᠠᠨ ᠊ᠤ ᠡᠷᠡᠨ ᠊ᠳᠦ ᠶᠠᠮᠠᠷ ᠣᠷᠣᠯᠴᠠᠭ᠎ᠠ ᠲᠠᠢ ᠪᠠᠶᠢᠬᠤ ᠊ᠢᠢ ᠲᠣᠳᠣᠷᠬᠠᠶᠢᠯᠠᠬᠤ ᠥᠨᠳᠥᠷ ᠠᠴᠢ ᠬᠣᠯᠪᠣᠭᠳᠠᠯᠲᠠᠢ ᠳᠡᠳ᠋ ᠪᠦᠲᠦᠴᠡ ᠊ᠢᠢᠨ ᠠᠰᠠᠭᠤᠳᠠᠯ ᠶᠤᠮ᠃

ᠨᠡᠶᠢᠲᠡᠯᠡᠭᠰᠡᠨ᠄