ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠴᠠᠬᠢᠮ ᠬᠥᠭᠵᠢᠯ᠂ ᠢᠨᠨᠣᠸᠠᠼᠢ᠂ ᠰᠠᠨᠰᠠᠷ ᠤᠨ ᠠᠵᠤ ᠦᠢᠯᠡᠳᠪᠦᠷᠢ ᠊ᠢᠢᠨ ᠨᠢᠭᠡᠳᠦᠭᠡᠷ ᠳᠡᠳ᠋ ᠰᠠᠶᠢᠳ ᠲᠤᠯᠧᠢᠰᠢᠩ ᠺᠠᠨᠤᠱ ᠰᠠᠶᠢᠳ ᠤᠨ ᠵᠥᠪᠯᠡᠬᠦ ᠪ ∙ ᠭᠠᠩᠪᠠᠲᠤ ᠊ᠢᠢ ᠬᠦᠯᠢᠶᠡᠨ ᠠᠪᠴᠤ ᠠᠭᠤᠯᠵᠠᠯ᠎ᠠ


《ᠳ᠋ᠢᠵᠢᠲᠠᠯ᠎ᠠ ᠠᠯᠮᠠᠲ ᠊ᠢ-᠒᠐᠒᠔》 ᠠᠷᠭ᠎ᠠ ᠬᠡᠮᠵᠢᠶᠡᠨ ᠊ᠤ ᠬᠦᠷᠢᠶᠡᠨ ᠊ᠳᠦ (᠒᠐᠒᠔.᠐᠒.᠐᠒) ᠡᠳᠦᠷ ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠴᠠᠬᠢᠮ ᠬᠥᠭᠵᠢᠯ᠂ ᠢᠨᠨᠣᠸᠠᠼᠢ᠂ ᠰᠠᠨᠰᠠᠷ ᠤᠨ ᠠᠵᠤ ᠦᠢᠯᠡᠳᠪᠦᠷᠢ ᠊ᠢᠢᠨ ᠨᠢᠭᠡᠳᠦᠭᠡᠷ ᠳᠡᠳ᠋ ᠰᠠᠶᠢᠳ ᠲᠤᠯᠧᠢᠰᠢᠩ ᠺᠠᠨᠤᠱ ᠰᠠᠶᠢᠳ ᠤᠨ ᠵᠥᠪᠯᠡᠬᠦ ᠪ ∙ ᠭᠠᠩᠪᠠᠲᠤ ᠊ᠢᠢ ᠬᠦᠯᠢᠶᠡᠨ ᠠᠪᠴᠤ ᠠᠭᠤᠯᠵᠠᠯ᠎ᠠ᠃

ᠠᠭᠤᠯᠵᠠᠯᠲᠠ ᠊ᠢᠢᠨ ᠡᠬᠢᠨ ᠊ᠳᠦ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠪ ∙ ᠭᠠᠩᠪᠠᠲᠤ᠄ ᠮᠣᠩᠭᠣᠯ ᠤᠯᠤᠰ ᠤᠨ ᠵᠠᠰᠠᠭ ᠤᠨ ᠭᠠᠵᠠᠷ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠪᠠᠷᠢᠮᠲᠠᠯᠠᠵᠤ ᠪᠤᠢ ᠪᠣᠳᠣᠯᠭ᠎ᠠ᠂ ᠬᠡᠷᠡᠭᠵᠢᠭᠦᠯᠵᠦ ᠪᠤᠢ ᠲᠥᠰᠥᠯ᠂ ᠬᠥᠲᠥᠯᠪᠦᠷᠢ ᠨᠦᠭᠦᠳ᠂ ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠥᠨᠥ ᠊ᠢᠢᠨ ᠪᠠᠶᠢᠳᠠᠯ ᠤᠨ ᠲᠠᠯ᠎ᠠ ᠪᠠᠷ ᠲᠠᠨᠢᠯᠴᠠᠭᠤᠯᠪᠠ᠃

ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠴᠠᠬᠢᠮ ᠬᠥᠭᠵᠢᠯ᠂ ᠢᠨᠨᠣᠸᠠᠼᠢ᠂ ᠰᠠᠨᠰᠠᠷ ᠤᠨ ᠠᠵᠤ ᠦᠢᠯᠡᠳᠪᠦᠷᠢ ᠊ᠢᠢᠨ ᠨᠢᠭᠡᠳᠦᠭᠡᠷ ᠳᠡᠳ᠋ ᠰᠠᠶᠢᠳ ᠲᠤᠯᠧᠢᠰᠢᠩ ᠺᠠᠨᠤᠱ᠄ ᠬᠠᠰᠠᠺᠰᠲᠠᠨ ᠤᠯᠤᠰ ᠲᠥᠷᠦ ᠊ᠢᠢᠨ ᠪᠠᠶᠢᠭᠤᠯᠤᠯᠭ᠎ᠠ ᠨᠤᠭᠤᠳ ᠤᠨ ᠬᠥᠨᠳᠡᠯᠡᠨ ᠬᠣᠯᠪᠣᠯᠲᠠ ᠪᠤᠶᠤ ᠢᠨᠲ᠋ᠧᠭᠷᠠᠼ ᠢ ᠪᠥᠷᠢᠨ ᠬᠢᠵᠦ ᠳᠠᠭᠤᠰᠤᠭᠰᠠᠨ᠃ ᠢᠷᠭᠡᠳ ᠲᠦ ᠦᠵᠡᠭᠦᠯᠳᠡᠭ ᠲᠥᠷᠦ ᠊ᠢᠢᠨ ᠪᠦᠬᠦ ᠦᠢᠯᠡᠴᠢᠯᠡᠭᠡ ᠊ᠢᠢ ᠴᠠᠬᠢᠮ ᠫᠯᠠᠲ᠋ᠹᠣᠷᠮ᠂ ᠨᠢᠭᠡ ᠴᠡᠭ ᠊ᠢᠢᠡᠷ ᠦᠵᠡᠭᠦᠯᠳᠡᠭ᠃ ᠲᠥᠷᠥ ᠊ᠢᠢᠨ ᠨᠢᠭᠡᠳᠦᠭᠰᠡᠨ ᠶᠡᠬᠡ ᠥᠭᠭᠦᠳᠡᠯ ᠊ᠢ ᠡᠭᠦᠰᠬᠡᠵᠦ ᠨᠢᠭᠡᠳᠬᠡᠭᠰᠡᠨ ᠤᠴᠢᠷ ᠰᠢᠰᠲ᠋ᠧᠮ ᠬᠥᠭᠵᠢᠭᠦᠯᠦᠯᠲᠡ ᠮᠠᠰᠢ ᠬᠤᠷᠳᠤᠨ᠂ ᠬᠢᠯᠪᠠᠷ ᠪᠣᠯᠤᠭᠰᠠᠨ ᠲᠠᠯ᠎ᠠ ᠪᠠᠷ ᠳᠤᠷᠠᠳᠤᠭᠰᠠᠨ ᠶᠤᠮ᠃

ᠮᠥᠨ ᠲᠥᠪ ᠠᠽᠢᠶ᠎ᠠ ᠊ᠢᠢᠨ ᠤᠯᠤᠰ ᠤᠳ ᠬᠠᠮᠲᠤᠷᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠴᠠᠬᠢᠭᠤᠷ ᠤᠨ ᠬᠥᠨᠳᠡᠢ ᠊ᠳᠦ 《ᠲᠣᠷᠭᠠᠨ ᠊ᠤ ᠵᠠᠮ ᠤᠨ ᠢᠨᠨᠣᠸᠠᠼ ᠤᠨ ᠲᠥᠪ》 ᠪᠠᠶᠢᠭᠤᠯᠤᠭᠰᠠᠨ ᠊ᠢᠢᠠᠷ ᠭᠠᠷᠠᠭᠠᠨ ᠊ᠤ ᠺᠣᠮᠫᠠᠨᠢ ᠨᠤᠭᠤᠳ ᠣᠯᠠᠨ ᠤᠯᠤᠰ ᠤᠨ ᠵᠠᠬ᠎ᠠ ᠵᠡᠭᠡᠯᠢ ᠊ᠳᠦ ᠭᠠᠷᠬᠤ ᠡᠭᠦᠳᠡ ᠬᠠᠭᠠᠯᠭ᠎ᠠ ᠊ᠢᠢ ᠨᠡᠭᠡᠭᠡᠵᠦ ᠥᠭᠭᠦᠭᠰᠡᠨ᠂ ᠤᠯᠠᠮ ᠊ᠢᠢᠠᠷ ᠬᠠᠮᠲᠤᠷᠠᠭᠰᠠᠨ ᠸᠸᠨᠴᠢ ᠰᠠᠩ ᠪᠠᠶᠢᠭᠤᠯᠵᠤ ᠰᠲ᠋ᠠᠷᠲ ᠠᠫ ᠺᠣᠮᠠᠨᠢ ᠨᠤᠭᠤᠳ ᠊ᠢᠢᠠᠨ ᠳᠡᠮᠵᠢᠬᠦ ᠲᠠᠯ᠎ᠠ ᠪᠠᠷ ᠥᠷᠭᠡᠨ ᠬᠦᠷᠢᠶᠡᠨ ᠊ᠳᠦ ᠬᠠᠮᠲᠤᠷᠠᠨ ᠠᠵᠢᠯᠯᠠᠬᠤ ᠰᠣᠨᠢᠷᠬᠠᠯᠲᠠᠢ ᠪᠠᠶᠢᠭ᠎ᠠ ᠪᠠᠨ ᠢᠯᠡᠷᠬᠡᠶᠢᠯᠡᠪᠡ᠃

ᠬᠠᠰᠠᠭᠰᠲ᠋ᠠᠨ ᠤᠯᠤᠰ ᠲᠤ ᠨᠡᠪᠲᠡᠷᠡᠭᠦᠯᠵᠦ ᠲᠤᠷᠰᠢᠭᠰᠠᠨ ᠰᠢᠰᠲ᠋ᠧᠮ ᠤᠳ ᠊ᠢ ᠠᠰᠢᠭᠯᠠᠭᠤᠯᠬᠤ᠂ ᠲᠧᠭᠨᠣᠯᠣᠭᠢ ᠳᠠᠮᠵᠢᠭᠤᠯᠬᠤ᠂ ᠬᠦᠮᠦᠨ ᠊ᠤ ᠨᠥᠭᠡᠴᠡ ᠊ᠢᠢ ᠴᠢᠳᠠᠪᠬᠢᠵᠢᠭᠤᠯᠬᠤ ᠲᠠᠯ᠎ᠠ ᠪᠠᠷ ᠬᠣᠶᠠᠷ ᠶᠠᠮᠤ ᠲᠣᠳᠣᠷᠬᠠᠢ ᠲᠥᠯᠦᠪᠯᠡᠭᠡ ᠭᠠᠷᠭᠠᠨ ᠬᠠᠮᠲᠤᠷᠠᠨ ᠠᠵᠢᠯᠯᠠᠬᠤ ᠪᠠᠷ ᠪᠣᠯᠤᠯ᠎ᠠ᠃

ᠨᠡᠶᠢᠲᠡᠯᠡᠭᠰᠡᠨ᠄