《ᠳ᠋ᠢᠵᠢᠲᠠᠯ᠎ᠠ ᠠᠯᠮᠠᠲ-᠒᠐᠒᠔》 ᠣᠯᠠᠨ ᠤᠯᠤᠰ ᠤᠨ ᠹᠣᠷᠣᠮ ᠵᠣᠬᠢᠶᠠᠨ ᠪᠠᠶᠢᠭᠤᠯᠤᠭᠳᠠᠵᠤ ᠪᠠᠶᠢᠨ᠎ᠠ


ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠠᠯᠮᠠᠲ ᠢ ᠬᠣᠲᠣᠩ ᠊ᠢᠢᠠᠨ ᠲᠥᠪ ᠠᠽᠢᠶ᠎ᠠ ᠊ᠢᠢᠨ ᠬᠠᠮᠤᠭ ᠤᠨ ᠲᠣᠮᠣ ᠮᠡᠳᠡᠭᠡᠯᠡᠯ ᠲᠧᠭᠨᠣᠯᠣᠭᠢ ᠊ᠢᠢᠨ ᠣᠯᠠᠨ ᠤᠯᠤᠰ ᠤᠨ ᠳ᠋ᠢᠵᠢᠲᠠᠯ᠎ᠠ ᠹᠣᠷᠣᠮ ᠪᠣᠯᠬᠤ 《ᠳ᠋ᠢᠵᠢᠲᠠᠯ᠎ᠠ ᠠᠯᠮᠠᠲ ᠢ-᠒᠐᠒᠔》 ᠠᠷᠭ᠎ᠠ ᠬᠡᠮᠵᠢᠶ᠎ᠡ ᠒᠐᠒᠔ ᠣᠨ ᠊ᠤ ᠐᠒ ᠳ᠋ᠤᠭᠠᠷ ᠰᠠᠷ᠎ᠠ ᠊ᠢᠢᠨ ᠐᠑-᠐᠓ ᠍᠊ᠤ ᠡᠳᠦᠷ ᠤᠳ ᠲᠦ ᠵᠣᠬᠢᠶᠠᠨ ᠪᠠᠶᠢᠭᠤᠯᠤᠭᠳᠠᠵᠤ ᠪᠠᠶᠢᠨ᠎ᠠ᠃

ᠵᠢᠷᠭᠤᠭ᠎ᠠ ᠳ᠋ᠠᠬᠢ ᠤᠳᠤᠭ᠎ᠠ ᠪᠠᠨ ᠵᠣᠬᠢᠶᠠᠨ ᠪᠠᠶᠢᠭᠤᠯᠤᠭᠳᠠᠵᠤ ᠪᠤᠢ ᠡᠨᠡᠬᠦ ᠣᠯᠠᠨ ᠤᠯᠤᠰ ᠤᠨ ᠹᠣᠷᠣᠮ ᠊ᠳᠤ ᠱᠠᠩᠬᠠᠢ ᠊ᠢᠢᠨ ᠬᠠᠮᠲᠤ ᠊ᠢᠢᠨ ᠠᠵᠢᠯᠯᠠᠭᠠᠨ ᠊ᠤ ᠨᠡᠶᠢᠭᠡᠮᠯᠢᠭ ᠤᠨ ᠭᠡᠰᠢᠭᠦᠨ ᠪᠣᠯᠤᠨ ᠠᠵᠢᠭᠯᠠᠭᠴᠢ ᠣᠷᠣᠨ ᠨᠤᠭᠤᠳ ᠡᠼᠠ ᠭᠠᠳᠠᠨ᠎ᠠ ᠶᠥᠭᠢᠫ ᠲᠦ᠂ ᠤᠭᠠᠩᠳᠠ᠂ ᠲᠣᠭᠣ ᠵᠡᠷᠭᠡ ᠠᠹᠷᠢᠺᠠ ᠊ᠢᠢᠨ ᠵᠠᠷᠢᠮ ᠣᠷᠣᠨ ᠨᠤᠭᠤᠳ ᠡᠴᠠ ᠣᠷᠣᠯᠴᠠᠵᠤ ᠪᠤᠢ ᠪᠠᠷ ᠊ᠢᠢᠠᠨ ᠣᠨᠴᠠᠯᠢᠭ ᠪᠣᠯᠵᠤ ᠪᠠᠶᠢᠨ᠎ᠠ᠃

ᠲᠤᠰ ᠹᠣᠷᠣᠮ ᠕᠐ ᠰᠠᠯᠪᠤᠷᠢ ᠬᠤᠷᠠᠯᠳᠤᠭᠠᠨ ᠊ᠢᠢᠠᠷ ᠒᠐᠐ ᠭᠠᠷᠤᠢ ᠢᠯᠡᠳᠬᠡᠭᠴᠢ᠂ ᠠᠵᠤ ᠦᠢᠯᠡᠳᠪᠦᠷᠢ ᠊ᠢᠢᠨ ᠬ ᠍ ᠳ᠋ᠢᠵᠢᠲᠠᠯ᠎ᠠ ᠥᠭᠡᠷᠡᠴᠢᠯᠡᠯᠲᠡ᠂ ᠳ᠋ᠢᠵᠢᠲᠠᠯ᠎ᠠ ᠦᠢᠯᠡᠳᠪᠦᠷᠢᠯᠡᠯ ᠤᠨ ᠡᠺᠣᠰᠢᠰᠲ᠋ᠧᠮ᠂ ᠺᠢᠪᠧᠷ ᠠᠶᠤᠯ ᠦᠭᠡᠢ ᠪᠠᠶᠢᠳᠠᠯ᠂ ᠳ᠋ᠢᠵᠢᠲᠠᠯ᠎ᠠ ᠥᠭᠡᠷᠡᠴᠢᠯᠡᠯᠲᠡ ᠊ᠢᠢᠨ ᠪᠣᠳᠣᠯᠭ᠎ᠠ ᠰᠲᠷᠠᠲ᠋ᠧᠭᠢ᠂ ᠳᠠᠭᠠᠳᠬᠠᠯ᠂ ᠨᠣᠲ᠋ᠠᠷᠢᠶᠠᠲ ᠤᠨ ᠴᠠᠬᠢᠮᠵᠢᠯᠲᠡ᠂ ᠠᠦ᠋ᠲ᠋ᠣᠮᠠᠲ ᠬᠢᠨᠠᠯᠲᠠ ᠊ᠢᠢᠨ ᠰᠢᠰᠲ᠋ᠧᠮ᠂ ᠶᠡᠬᠡ ᠥᠭᠭᠥᠭᠳᠡᠯ ᠤᠨ ᠮᠧᠨᠧᠵᠮᠧᠨᠲ᠂ ESG ᠥᠭᠡᠷᠡᠴᠢᠯᠡᠯᠲᠡ ᠊ᠢᠢᠨ ᠳ᠋ᠢᠵᠢᠲᠠᠯ᠎ᠠ ᠰᠢᠢᠳᠦᠯ ᠡᠤᠳ᠂ ᠹᠢᠨᠲ᠋ᠧᠭ ᠳ᠋ᠡᠬᠢ ᠪᠯᠣᠺᠴᠧᠢ ᠊ᠢᠢᠨ ᠲᠧᠭᠨᠣᠯᠣᠭᠢ ᠊ᠢᠢᠨ ᠡᠭᠦᠷᠭᠡ᠂ ᠬᠥᠭᠵᠢᠯ ᠤᠨ ᠬᠡᠲᠦ ᠊ᠢᠢᠨ ᠲᠥᠯᠥᠪ᠂ ᠸᠢᠷᠲᠤᠸᠠᠯ ᠰᠤᠷᠭᠠᠯᠲᠠ᠂ ᠲᠡᠷᠢᠭᠦᠯᠡᠬᠦ ᠴᠢᠭᠯᠡᠯ ᠡᠤᠳ ᠤᠨ ᠴᠠᠬᠢᠮᠵᠢᠯᠲᠡ᠂ ᠳ᠋ᠢᠵᠢᠲᠠᠯ᠎ᠠ ᠥᠭᠡᠷᠡᠴᠢᠯᠡᠯᠲᠡ ᠊ᠢᠢᠨ ᠰᠲᠷᠠᠲ᠋ᠧᠭᠢ ᠴᠢᠭ ᠬᠠᠨᠳᠤᠯᠭ᠎ᠠ ᠊ᠢᠢᠨ ᠲᠠᠯ᠎ᠠ ᠪᠠᠷ ᠓ ᠡᠳᠦᠷ ᠤᠨ ᠲᠤᠷᠰᠢ ᠤᠯᠤᠰ ᠣᠷᠣᠨ ᠨᠤᠭᠤᠳ ᠰᠠᠶᠢᠨ ᠲᠤᠷᠰᠢᠯᠭ᠎ᠠ ᠡᠴᠠ ᠪᠠᠨ ᠬᠤᠪᠢᠶᠠᠯᠴᠠᠵᠤ᠂ ᠬᠡᠯᠡᠯᠴᠡᠭᠦᠯᠭᠡ ᠥᠷᠨᠢᠭᠦᠯᠬᠦ ᠶᠤᠮ᠃

ᠨᠡᠶᠢᠲᠡᠯᠡᠭᠰᠡᠨ᠄