ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ ᠠᠶᠢᠮᠠᠭ᠂ ᠨᠡᠶᠢᠰᠯᠡᠯ ᠤᠨ ᠵᠠᠰᠠᠭ ᠳᠠᠷᠤᠭ᠎ᠠ ᠨᠠᠷ ᠲᠠᠢ ᠒᠐᠒᠔ ᠣᠨ ᠊ᠳᠤ ᠬᠠᠮᠲᠤᠷᠠᠨ ᠠᠵᠢᠯᠯᠠᠬᠤ ᠭᠡᠷ᠎ᠡ ᠪᠠᠶᠢᠭᠤᠯᠤᠯ᠎ᠠ


ᠮᠣᠩᠭᠣᠯ ᠤᠯᠤᠰ ᠊ᠢ ᠒᠐᠒᠑-᠒᠐᠒᠕ ᠣᠨ ᠊ᠳᠤ ᠬᠥᠭᠵᠢᠭᠦᠯᠬᠦ ᠲᠠᠪᠤᠨ ᠵᠢᠯ ᠤᠨ ᠦᠨᠳᠦᠰᠦᠨ ᠴᠢᠭᠯᠡᠯ᠂ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠒᠐᠒᠐-᠒᠐᠒᠔ ᠣᠨ ᠊ᠤ ᠦᠢᠯᠡ ᠠᠵᠢᠯᠯᠠᠭᠠᠨ ᠊ᠤ ᠬᠥᠲᠦᠯᠪᠦᠷᠢ ᠊ᠳᠦ ᠲᠤᠰᠠᠭᠰᠠᠨ ᠵᠠᠰᠠᠭ ᠤᠨ ᠭᠠᠵᠠᠷ ᠤᠨ ᠵᠠᠷᠢᠮ ᠴᠢᠭ ᠡᠭᠦᠷᠭᠡ ᠊ᠢᠢ ᠠᠶᠢᠮᠠᠭ᠂ ᠨᠡᠶᠢᠰᠯᠡᠯ ᠊ᠳᠦ ᠬᠡᠷᠡᠭᠵᠢᠭᠦᠯᠬᠦ ᠬᠦᠷᠢᠶᠡᠨ ᠊ᠳᠦ ᠴᠠᠬᠢᠮ ᠵᠠᠰᠠᠭᠯᠠᠯ ᠤᠨ ᠦᠢᠯᠡ ᠠᠵᠢᠯᠯᠠᠭᠠᠨ ᠊ᠤ ᠵᠣᠷᠢᠯᠲᠠ᠂ ᠠᠷᠭ᠎ᠠ ᠬᠡᠮᠵᠢᠶᠡᠨ ᠊ᠤ ᠬᠡᠷᠡᠭᠵᠢᠯᠲᠡ᠂ ᠴᠢᠨᠠᠷ᠂ ᠦᠷ᠎ᠡ ᠳ᠋ᠦᠩ ᠊ᠢ ᠦᠨᠡᠯᠡᠵᠦ᠂ ᠳ᠋ᠦᠩᠨᠡᠬᠦ ᠲᠡᠢ ᠬᠣᠯᠪᠣᠭ᠎ᠠ ᠲᠠᠢ ᠡᠭᠦᠰᠬᠦ ᠡᠷᠬᠡ᠂ ᠡᠭᠦᠷᠭᠡ ᠊ᠢᠢ ᠵᠣᠬᠢᠴᠠᠭᠤᠯᠬᠤ᠂ ᠬᠦᠮᠦᠨ᠂ ᠬᠠᠤᠯᠢ ᠊ᠢᠢᠨ ᠡᠲᠡᠭᠡᠳ ᠊ᠳᠦ ᠴᠠᠬᠢᠮ ᠬᠡᠯᠪᠡᠷᠢ ᠪᠡᠷ ᠦᠵᠡᠭᠦᠯᠬᠦ ᠲᠥᠷᠦ ᠊ᠢᠢᠨ ᠦᠢᠯᠡᠴᠢᠯᠡᠭᠡᠨ ᠊ᠤ ᠴᠢᠨᠠᠷ᠂ ᠬᠦᠷᠲᠡᠭᠡᠮᠵᠢ᠂ ᠦᠷ᠎ᠡ ᠠᠰᠢᠭ ᠢ ᠳᠡᠭᠡᠭᠰᠢᠯᠡᠭᠦᠯᠬᠦ᠂ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠳᠡᠪᠰᠢᠯᠲᠡᠲᠦ ᠲᠧᠭᠨᠣᠯᠣᠭᠢ ᠊ᠢᠢ ᠨᠡᠪᠲᠡᠷᠡᠭᠦᠯᠬᠦ ᠵᠣᠷᠢᠯᠭ᠎ᠠ ᠪᠠᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠪᠣᠯᠤᠨ ᠠᠶᠢᠮᠠᠭ᠂ ᠨᠡᠶᠢᠰᠯᠡᠯ ᠤᠨ ᠵᠠᠰᠠᠭ ᠳᠠᠷᠤᠭ᠎ᠠ ᠨᠠᠷ ᠤᠨ ᠬᠣᠭᠣᠷᠣᠨᠳᠣ ᠒᠐᠒᠔ ᠣᠨ ᠊ᠳᠤ ᠬᠠᠮᠲᠤᠷᠠᠨ ᠠᠵᠢᠯᠯᠠᠬᠤ ᠭᠡᠷ᠎ᠡ ᠊ᠢᠢ ᠪᠠᠶᠢᠭᠤᠯᠤᠯ᠎ᠠ᠃

ᠭᠡᠷ ᠡ ᠊ᠢᠢ ᠪᠠᠶᠢᠭᠤᠯᠬᠤ ᠦᠢᠯᠡ ᠠᠵᠢᠯᠯᠠᠭᠠᠨ ᠊ᠳᠤ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠳᠡᠳ᠋ ᠰᠠᠶᠢᠳ ᠵ ∙ ᠡᠷᠬᠢᠮᠪᠠᠭᠠᠲᠤᠷ᠂ ᠲᠥᠷᠦ ᠊ᠢᠢᠨ ᠵᠠᠬᠢᠷᠭᠠ ᠤᠳᠤᠷᠢᠳᠤᠯᠭ᠎ᠠ ᠊ᠢᠢᠨ ᠭᠠᠵᠠᠷ ᠤᠨ ᠳᠠᠷᠤᠭ᠎ᠠ ᠼ ∙ ᠡᠷᠳᠡᠨᠢᠪᠠᠶᠠᠷ᠂ ᠬᠠᠤᠯᠢ ᠊ᠢᠢᠨ ᠬᠡᠯᠲᠡᠰ ᠤᠨ ᠳᠠᠷᠤᠭ᠎ᠠ ᠯ ∙ ᠨᠢᠮᠠᠳᠣᠷᠵᠢ ᠪᠣᠯᠤᠨ ᠬᠣᠯᠪᠣᠭᠳᠠᠬᠤ ᠠᠯᠪᠠᠨ ᠊ᠤ ᠲᠥᠯᠦᠭᠡᠯᠡᠯ ᠣᠷᠣᠯᠴᠠᠯ᠎ᠠ᠃

ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ ᠒᠐᠒᠔ ᠣᠨ ᠊ᠳᠤ ᠒᠑ ᠠᠶᠢᠮᠠᠭ ᠤᠨ ᠵᠠᠰᠠᠭ ᠳᠠᠷᠤᠭ᠎ᠠ ᠨᠠᠷ ᠲᠠᠢ ᠬᠠᠷᠢᠯᠴᠠᠭ᠎ᠠ ᠬᠣᠯᠪᠣᠭᠠᠨ ᠊ᠤ ᠳᠡᠳ᠋ ᠪᠦᠲᠦᠴᠡ ᠊ᠢᠢ ᠨᠡᠮᠡᠭᠳᠡᠭᠦᠯᠬᠦ᠂ ᠴᠠᠬᠢᠮ ᠵᠠᠰᠠᠭᠯᠠᠯ ᠊ᠢ ᠪᠡᠬᠢᠵᠢᠭᠦᠯᠬᠦ᠂ 《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢ ᠬᠡᠷᠡᠭᠵᠢᠭᠦᠯᠬᠦ ᠴᠢᠭᠯᠡᠯ ᠊ᠢᠢᠡᠷ ᠗ ᠵᠦᠢᠯ ᠒᠖ ᠵᠢᠭᠠᠯᠲᠠ᠂ ᠨᠡᠶᠢᠰᠯᠡᠯ ᠤᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠊ᠢᠢᠨ ᠵᠠᠬᠢᠷᠤᠭᠴᠢ ᠲᠠᠢ ᠗ ᠵᠦᠢᠯ ᠒᠗ ᠵᠢᠭᠠᠯᠲᠠ ᠊ᠳᠤ ᠲᠤᠰᠬᠠᠭᠳᠠᠭᠰᠠᠨ ᠠᠵᠢᠯ ᠊ᠢ ᠬᠠᠮᠲᠤᠷᠠᠨ ᠬᠡᠷᠡᠭᠵᠢᠭᠦᠯᠦᠨ᠎ᠡ᠃

ᠨᠡᠶᠢᠲᠡᠯᠡᠭᠰᠡᠨ᠄