ᠴᠠᠬᠢᠭᠤᠷ ᠤᠨ ᠬᠥᠨᠳᠡᠢ ᠊ᠳᠦ ᠮᠣᠩᠭᠣᠯ ᠤᠨ ᠘ ᠺᠣᠮᠫᠠᠨᠢ ᠭᠠᠷᠤᠯ᠎ᠠ


ᠨᠠᠶᠢᠮᠠᠨ ᠠᠵᠤ ᠠᠬᠤᠢ ᠨᠢᠭᠡᠴᠡ ᠮᠣᠩᠭᠣᠯ ᠤᠯᠤᠰ ᠤᠨ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠣᠯᠠᠨ ᠵᠠᠭᠤᠨ ᠠᠵᠤ ᠠᠬᠤᠢ ᠨᠢᠭᠡᠴᠡ ᠊ᠢᠢ ᠲᠥᠯᠦᠭᠡᠯᠡᠵᠦ ᠳᠡᠯᠡᠬᠡᠢ ᠊ᠢᠢᠨ ᠮᠡᠳᠡᠭᠡᠯᠡᠯ ᠤᠨ ᠲᠧᠭᠨᠣᠯᠣᠭᠢ ᠊ᠢᠢᠨ ᠬᠥᠭᠵᠢᠯ ᠤᠨ ᠲᠥᠪ᠂ ᠡᠳ᠋ ᠍ ᠊ᠢᠢᠨ ᠵᠠᠰᠠᠭ ᠤᠨ ᠴᠥᠮ᠎ᠡ ᠪᠣᠯᠤᠭᠰᠠᠨ ᠴᠠᠬᠢᠭᠤᠷ ᠤᠨ ᠬᠥᠨᠳᠡᠢ ᠊ᠢᠢᠨ ᠡᠺᠣᠰᠢᠰᠲ᠋ᠧᠮ ᠊ᠳᠦ ᠨᠡᠪᠲᠡᠷᠡᠴᠢ ᠊ ᠤ ᠍ ᠤ᠊ -ᠢᠢᠨ ᠵᠠᠬ᠎ᠠ ᠵᠡᠭᠡᠯᠢ ᠊ᠳᠦ ᠭᠠᠷᠬᠤ ᠲᠣᠮᠣᠬᠠᠨ ᠠᠯᠬᠤᠮ ᠊ᠢᠢᠠᠨ ᠬᠢᠭᠰᠡᠨ ᠲᠡᠦᠬᠡᠨ ᠡᠳᠦᠷ ᠥᠨᠥᠳᠥᠷ /᠒᠐᠒᠔.᠐᠒.᠐᠒/ ᠲᠣᠬᠢᠶᠠᠵᠤ ᠪᠠᠶᠢᠨ᠎ᠠ᠃

ᠴᠠᠬᠢᠭᠤᠷ ᠤᠨ ᠬᠥᠨᠳᠡᠢ ᠨᠢ ᠵᠢᠯ ᠳᠦ ᠪᠡᠨ ᠖᠐᠐ ᠲᠡᠷᠪᠤᠮ ᠠᠮᠠ.ᠳ᠋ᠣᠯᠯᠠᠷ ᠡᠷᠭᠢᠯᠳᠦᠭᠦᠯᠵᠦ᠂ ᠑᠐᠕ ᠲᠡᠷᠪᠤᠮ ᠠᠮᠠ.ᠳ᠋ᠣᠯᠯᠠᠷ ᠤᠨ ᠬᠥᠷᠥᠩᠭᠡ ᠣᠷᠣᠭᠤᠯᠤᠯᠲᠠ ᠲᠠᠲᠠᠳᠠᠭ ᠳᠡᠯᠡᠬᠡᠢ ᠊ᠢᠢᠨ ᠲᠡᠷᠢᠭᠦᠯᠡᠭᠴᠢ ᠲᠧᠭᠨᠣᠯᠣᠭᠢ ᠊ᠢᠢᠨ ᠺᠣᠮᠫᠠᠨᠢ ᠨᠤᠭᠤᠳ ᠤᠨ ᠭᠠᠷᠠᠭᠠᠨ ᠊ᠤ ᠴᠡᠭ᠃

ᠮᠠᠨ ᠊ᠤ ᠤᠯᠤᠰ ᠡᠴᠠ AND Global᠂ Fibo Cloud ᠵᠡᠷᠭᠡ ᠣᠯᠠᠨ ᠤᠯᠤᠰ ᠤᠨ ᠵᠠᠬ᠎ᠠ ᠵᠡᠭᠡᠯᠢ ᠊ᠳᠦ ᠠᠮᠵᠢᠯᠲᠠ ᠲᠠᠢ ᠠᠵᠢᠯᠯᠠᠵᠤ᠂ ᠣᠶᠤᠨ ᠊ᠤ ᠪᠦᠲᠦᠭᠡᠯ᠊ᠡ ᠊ᠪᠡᠨ ᠡᠺᠰᠫᠣᠷᠲᠯᠠᠵᠤ ᠪᠠᠶᠢᠭ᠎ᠠ᠃ ᠲᠡᠳᠡᠭᠡᠷ ᠺᠣᠮᠫᠠᠨᠢ ᠨᠤᠭᠤᠳ ᠤᠨ ᠊ᠢᠢᠠᠨ ᠲᠤᠭᠤᠯᠵᠤ ᠪᠤᠢ ᠵᠠᠮ ᠢ ᠳ᠋ᠦᠩᠨᠡᠵᠦ ᠮᠢᠨᠦ ᠪᠡᠶ᠎ᠡ 《ᠪᠢᠳᠡ ᠳᠠᠩ ᠊ᠢᠢᠠᠷ ᠊ᠢᠢᠠᠨ ᠮᠥᠰᠥ ᠵᠦᠰᠦᠬᠦ ᠡᠴᠡ ᠢᠯᠡᠭᠦᠦ ᠲᠥᠪ ᠠᠽᠢᠶ᠎ᠠ ᠊ᠢᠢᠨ ᠪᠥᠰᠡ ᠨᠤᠲᠤᠭ ᠤᠨ ᠡᠺᠣᠰᠢᠰᠲ᠋ᠧᠮ ᠢ ᠲᠦᠭᠦᠴᠢᠭᠡᠯᠡᠵᠦ᠂ ᠨᠥᠭᠡᠴᠡ ᠪᠣᠯᠤᠮᠵᠢ ᠪᠠᠨ ᠨᠢᠭᠡᠳᠬᠡᠵᠦ᠂ ᠤᠯᠠᠮ ᠊ᠢᠢᠠᠷ ᠳᠡᠯᠡᠬᠡᠢ ᠊ᠢᠢᠨ ᠲᠠᠪᠴᠠᠩ ᠊ᠳᠤ ᠥᠷᠢᠰᠦᠯᠳᠡᠬᠦ ᠵᠠᠮ ᠢ ᠲᠣᠪᠴᠢᠯᠠᠨ᠎ᠠ》 ᠬᠡᠮᠡᠬᠦ ᠰᠠᠨᠠᠭᠠᠴᠢᠯᠠᠭ᠎ᠠ ᠊ᠢᠢ ᠒᠐᠒᠓ ᠣᠨ ᠊ᠤ ᠑ ᠍ ᠳᠦᠭᠡᠷ ᠰᠠᠷ᠎ᠠ ᠊ᠳᠤ ᠲᠥᠪ ᠠᠽᠢᠶ᠎ᠠ ᠊ᠢᠢᠨ ᠤᠯᠤᠰ ᠣᠷᠣᠨ ᠨᠤᠭᠤᠳ ᠤᠨ ᠮᠡᠳᠡᠭᠡᠯᠡᠯ ᠤᠨ ᠲᠧᠭᠨᠣᠯᠣᠭᠢ ᠊ᠢᠢᠨ ᠰᠠᠶᠢᠳ ᠨᠠᠷ ᠲᠠᠢ ᠠᠭᠤᠯᠵᠠᠬᠤ ᠦᠶ᠎ᠡ ᠪᠡᠷ ᠊ᠢᠢᠡᠨ ᠳᠡᠪᠰᠢᠭᠦᠯᠦᠭᠰᠡᠨ ᠶᠤᠮ᠃

ᠡᠨᠡ ᠰᠠᠨᠠᠭᠠᠴᠢᠯᠠᠭ᠎ᠠ ᠮᠠᠨᠢ ᠠᠵᠢᠯ ᠬᠡᠷᠡᠭ ᠪᠣᠯᠤᠭᠰᠠᠨ ᠨᠢ ᠥᠨᠥᠳᠥᠷ ᠤᠨ ᠴᠠᠬᠢᠭᠤᠷ ᠤᠨ ᠬᠥᠨᠳᠡᠢ᠂ Stanford ᠍ ᠤᠨ ᠶᠡᠬᠡ ᠰᠤᠷᠭᠠᠭᠤᠯᠢ ᠊ᠢᠢᠨ ᠳᠡᠷᠭᠡᠳᠡᠬᠢ Palo Alto ᠍ ᠊ᠳᠤ ᠪᠠᠶᠢᠷᠢᠯᠠᠯ ᠲᠠᠢ 《ᠲᠣᠷᠭᠠᠨ ᠊ᠤ ᠵᠠᠮ ᠤᠨ ᠢᠨᠨᠣᠸᠠᠼ ᠤᠨ ᠲᠥᠪ》 ᠪᠤᠶᠤ ᠲᠥᠪ ᠠᠽᠢᠶ᠎ᠠ ᠊ᠢᠢᠨ ᠘ ᠣᠷᠣᠨ ᠊ᠤ ᠲᠥᠯᠦᠭᠡᠯᠡᠯ᠂ ᠪᠢᠳᠡᠨ ᠊ᠤ ᠬᠠᠮᠲᠤᠷᠠᠨ ᠪᠠᠶᠢᠭᠤᠯᠤᠭᠰᠠᠨ 《Silkroad Innovation Hub》 ᠶᠤᠮ᠃

ᠴᠢᠨᠠᠭᠰᠢᠳᠠ ᠮᠡᠳᠡᠭᠡᠯᠡᠯ ᠲᠧᠭᠨᠣᠯᠣᠭᠢ ᠊ᠢᠢᠨ ᠦᠨᠳᠦᠰᠦᠨ ᠊ᠤ ᠫᠠᠷᠺ ᠭᠦᠭᠦᠷᠭᠡ ᠨᠢ ᠪᠣᠯᠵᠤ ᠠᠵᠢᠯᠯᠠᠬᠤ ᠡᠨᠡ ᠲᠥᠪᠡᠳ ᠮᠠᠨ ᠊ᠤ ᠲᠧᠭᠨᠣᠯᠣᠭᠢ ᠊ᠢᠢᠨ ᠺᠣᠮᠫᠠᠨᠢ ᠨᠤᠭᠤᠳ ᠲᠥᠪ ᠠᠽᠢᠶ᠎ᠠ ᠊ᠢᠢᠨ ᠘ ᠤᠯᠤᠰ ᠣᠷᠣᠨ ᠊ᠤ ᠭᠠᠷᠠᠭᠠᠨ ᠊ᠤ ᠺᠣᠮᠫᠠᠨᠢ ᠨᠤᠭᠤᠳ ᠤᠨ ᠬᠠᠮᠲᠤ ᠪᠣᠶᠢᠵᠢᠵᠤ᠂ ᠡᠬᠢᠨ ᠊ᠤ ᠵᠢᠯ ᠊ᠳᠦ ᠪᠡᠨ ᠲᠤᠰ ᠲᠥᠪ ᠤᠨ ᠪᠣᠰᠬᠠᠬᠤ ᠓᠐ ᠰᠠᠶ᠎ᠠ ᠠᠮᠠ.ᠳ᠋ᠣᠯᠯᠠᠷ ᠡᠴᠠ ᠬᠥᠷᠦᠩᠭᠡ ᠣᠷᠣᠭᠤᠯᠤᠯᠲᠠ ᠬᠦᠷᠢᠲᠦᠬᠦ ᠪᠣᠯᠤᠮᠵᠢ ᠲᠠᠢ ᠪᠣᠯᠵᠤ ᠪᠠᠶᠢᠨ᠎ᠠ᠃ ᠪᠢᠳᠡ ᠬᠠᠮᠲᠤ ᠊ᠳᠤ ᠪᠠᠨ ᠢᠷᠡᠬᠦ ᠗ ᠵᠢᠯ ᠤᠨ ᠬᠤᠭᠤᠴᠠᠭᠠᠨ ᠊ᠳᠤ ᠪᠦᠰᠡ ᠨᠤᠲᠤᠭ ᠡᠴᠠ ᠪᠠᠨ ᠕ 《unicorn》 ᠪᠤᠶᠤ ᠲᠤᠰ ᠪᠦᠷᠢ ᠑ ᠲᠡᠷᠪᠤᠮ ᠠᠮᠠ.ᠳ᠋ᠣᠯᠯᠠᠷ ᠤᠨ ᠦᠨᠡᠯᠡᠭᠡ ᠲᠡᠢ ᠲᠧᠭᠨᠣᠯᠣᠭᠢ ᠊ᠢᠢᠨ ᠺᠣᠮᠫᠠᠨᠢ ᠊ᠢᠢ ᠲᠥᠷᠦᠭᠦᠯᠬᠦ ᠵᠣᠷᠢᠯᠭ᠎ᠠ ᠊ᠢᠢ ᠳᠡᠪᠰᠢᠭᠦᠯᠵᠦ᠂ ᠲᠡᠭᠦᠨ ᠊ᠤ ᠲᠥᠯᠦᠭᠡ ᠠᠵᠢᠯᠯᠠᠬᠤ ᠪᠣᠯᠤᠨ᠎ᠠ᠃

ᠡᠨᠡ ᠪᠣᠯ ᠲᠡᠦᠬᠡᠨ ᠦᠢᠯᠡ ᠶᠠᠪᠤᠳᠠᠯ᠃ ᠪᠢᠳᠡ ᠠᠭᠤᠯᠠ ᠠᠭᠤᠷᠬᠠᠢ ᠡᠴᠠ ᠬᠠᠮᠢᠶᠠᠷᠤᠯ ᠲᠠᠢ᠂ ᠨᠡᠭᠦᠷᠡᠰᠦᠨ ᠊ᠤ ᠦᠨ᠎ᠡ ᠡᠴᠡ ᠰᠢᠯᠲᠠᠭᠠᠯᠠᠳᠠᠭ ᠨᠢᠭᠡ ᠥᠩᠭᠡ ᠲᠡᠢ ᠡᠳ᠋ ᠍ ᠊ᠢᠢᠨ ᠵᠠᠰᠠᠭ ᠤᠨ ᠬᠢᠵᠠᠭᠠᠷᠳᠠᠯᠠᠭᠳᠠᠮᠠᠯ ᠪᠣᠯᠤᠮᠵᠢ ᠳᠤᠮᠳᠠ ᠥᠳᠥ ᠊ᠢᠢ ᠬᠦᠷᠡᠯ ᠊ᠢᠢᠡᠨ᠃ ᠭᠠᠭᠴᠠᠬᠦ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠪᠢᠳᠡᠨ ᠊ᠳᠦ ᠬᠦᠮᠦᠨ ᠲᠥᠷᠦᠯᠬᠢᠲᠡᠨ ᠊ᠤ ᠬᠥᠭᠵᠢᠯ ᠤᠨ ᠬᠢᠵᠠᠭᠠᠷ ᠦᠭᠡᠢ ᠥᠷᠢᠰᠦᠯᠳᠦᠭᠡᠨ ᠊ᠳᠦ ᠢᠵᠢᠯ ᠲᠡᠭᠰᠢ ᠭᠠᠷᠠᠭᠠᠨ ᠡᠴᠠ ᠬᠦᠴᠦ ᠦᠵᠡᠬᠦ ᠪᠣᠯᠤᠮᠵᠢ ᠊ᠢᠢ ᠰᠠᠨᠠᠯ ᠪᠣᠯᠭᠠᠵᠤ ᠪᠠᠶᠢᠨ᠎ᠠ᠃

ᠬᠦᠮᠦᠨ ᠠᠮᠠ ᠊ᠢᠢᠨ ᠖᠕ ᠬᠤᠪᠢ ᠨᠢ ᠓᠕ ᠍ ᠡᠴᠠ ᠳᠣᠭᠣᠭᠰᠢ ᠨᠠᠰᠤᠨ ᠊ᠤ ᠣᠶᠤᠨ ᠊ᠤ ᠥᠨᠳᠦᠷ ᠴᠢᠳᠠᠮᠵᠢ ᠲᠠᠢ᠂ ᠮᠡᠳᠡᠯᠭᠡ ᠤᠷ᠎ᠠ ᠴᠢᠳᠠᠪᠤᠷᠢ ᠲᠠᠢ ᠮᠠᠨ ᠊ᠤ ᠤᠯᠤᠰ ᠤᠨ ᠬᠤᠪᠢ ᠊ᠳᠤ ᠡᠨᠡ ᠰᠠᠯᠪᠤᠷᠢ ᠊ᠳᠤ ᠲᠣᠭᠯᠠᠯᠲᠠ ᠬᠢᠬᠦ ᠊ᠳᠦ ᠠᠰᠤᠷᠤ ᠶᠡᠬᠡ ᠪᠣᠯᠤᠮᠵᠢ ᠪᠣᠯᠤᠨ ᠥᠭᠭᠥᠭᠳᠡᠯ ᠪᠤᠢ᠃ ᠮᠣᠩᠭᠣᠯ ᠵᠠᠯᠠᠭᠤᠰ᠂ ᠮᠣᠩᠭᠣᠯ ᠣᠶᠤᠨ ᠤᠬᠠᠭᠠᠨ᠂ ᠮᠣᠩᠭᠣᠯ ᠤᠷ᠎ᠠ ᠴᠢᠳᠠᠪᠤᠷᠢ ᠳᠡᠯᠡᠬᠡᠢ ᠊ᠳᠦ ᠲᠠᠨᠢᠭᠳᠠᠵᠤ᠂ ᠳᠡᠯᠡᠬᠡᠢ ᠊ᠢᠢᠨ ᠬᠡᠮᠵᠢᠶᠡᠨ ᠊ᠳᠦ ᠦᠨᠡᠯᠡᠭᠳᠡᠬᠦ ᠡᠬᠢᠯᠡᠯ ᠢ ᠪᠢᠳᠡ ᠬᠠᠮᠲᠤ ᠊ᠳᠤ ᠪᠠᠨ ᠲᠠᠯᠪᠢᠯ᠎ᠠ᠃

ᠲᠣᠷᠭᠠᠨ ᠊ᠤ ᠵᠠᠮ ᠤᠨ ᠲᠡᠦᠬᠡ ᠊ᠢᠢᠨ ᠰᠢᠨ᠎ᠡ ᠡᠬᠢᠯᠡᠯ ᠊ᠢ ᠪᠢᠳᠡ ᠬᠠᠮᠲᠤ ᠊ᠳᠤ ᠪᠠᠨ ᠪᠢᠴᠢᠵᠦ ᠴᠢᠳᠠᠨ᠎ᠠ ᠭᠡᠳᠡᠭ ᠊ᠳᠦ ᠢᠲᠡᠭᠡᠯ ᠲᠡᠢ ᠪᠠᠶᠢᠨ᠎ᠠ᠃

ᠨᠡᠶᠢᠲᠡᠯᠡᠭᠰᠡᠨ᠄