ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠠᠯᠮᠠᠲ  ᠬᠣᠲᠠ ᠊ᠢᠢᠨ 《ᠢᠷᠭᠡᠳ ᠲᠦ ᠦᠢᠯᠡᠴᠢᠯᠡᠬᠦ ᠲᠥᠪ》ᠵᠢᠯ ᠊ᠳᠦ ᠑᠗ ᠰᠠᠶ᠎ᠠ ᠦᠢᠯᠡᠴᠢᠯᠡᠭᠡ ᠊ᠢᠢ ᠢᠷᠭᠡᠳ ᠲᠦ ᠬᠦᠷᠭᠡᠵᠦ ᠦᠢᠯᠡᠴᠢᠯᠡᠳᠡᠭᠡ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠪ ∙ ᠭᠠᠩᠪᠠᠲᠤ᠂ ᠲᠥᠷᠥ ᠊ᠢᠢᠨ ᠴᠠᠬᠢᠮ ᠦᠢᠯᠡᠴᠢᠯᠡᠭᠡᠨ ᠊ᠤ ᠵᠣᠬᠢᠴᠠᠭᠤᠯᠤᠯᠲᠠ ᠊ᠢᠢᠨ ᠭᠠᠵᠠᠷ ᠤᠨ ᠵᠠᠬᠢᠷᠭ᠎ᠠ ᠤᠳᠤᠷᠢᠳᠤᠯᠭ᠎ᠠ ᠊ᠢᠢᠨ ᠭᠠᠵᠠᠷ ᠤᠨ ᠳᠠᠷᠤᠭ᠎ᠠ ᠳ ∙ ᠵᠢᠪᠬᠤᠯᠠᠩ᠂ ᠲᠥᠷᠥ ᠊ᠢᠢᠨ ᠴᠠᠬᠢᠮ ᠦᠢᠯᠡᠴᠢᠯᠡᠭᠡᠨ ᠊ᠤ ᠵᠣᠬᠢᠴᠠᠭᠤᠯᠤᠯᠲᠠ ᠊ᠢᠢᠨ ᠭᠠᠵᠠᠷ ᠤᠨ ᠰᠢᠰᠲ᠋ᠧᠮ ᠨᠢᠭᠡᠳᠬᠡᠯ᠂ ᠰᠤᠷᠭᠠᠯᠲᠠ ᠬᠥᠭᠵᠢᠯ ᠤᠨ ᠭᠠᠵᠠᠷ ᠤᠨ ᠳᠠᠷᠤᠭ᠎ᠠ ᠪ ∙ ᠣᠳᠪᠠᠶᠠᠷ ᠪᠣᠯᠤᠨ ᠬᠣᠯᠪᠣᠭᠳᠠᠬᠤ ᠠᠯᠪᠠᠨ ᠊ᠤ ᠲᠥᠯᠥᠭᠡᠯᠡᠯ ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠲᠤ 《ᠳ᠋ᠢᠵᠢᠲᠠᠯ᠎ᠠ ᠠᠯᠮᠠᠲ -᠒᠐᠒᠔》 ᠠᠷᠭ᠎ᠠ ᠬᠡᠮᠵᠢᠶᠡᠨ ᠊ᠳᠦ ᠣᠷᠣᠯᠴᠠᠵᠤ ᠪᠠᠶᠢᠨ᠎ᠠ᠃

ᠡᠨᠡᠬᠦ ᠠᠷᠭ᠎ᠠ ᠬᠡᠮᠵᠢᠶᠡᠨ ᠊ᠤ ᠬᠦᠷᠢᠶᠡᠨ ᠊ᠳᠦ ᠠᠯᠮᠠᠲ  ᠬᠣᠲᠠ ᠊ᠢᠢᠨ 《ᠢᠷᠭᠡᠳ ᠲᠦ ᠦᠢᠯᠡᠴᠢᠯᠡᠬᠦ ᠲᠥᠪ》 ᠍ᠤᠨ ᠦᠢᠯᠡ ᠠᠵᠢᠯᠯᠠᠭ᠎ᠠ ᠲᠠᠢ ᠒᠐᠒᠓ ᠣᠨ ᠊ᠤ ᠐᠑ ᠳᠦᠭᠡᠷ ᠰᠠᠷ᠎ᠠ ᠊ᠢᠢᠨ ᠓᠑ ᠍᠊ᠤ ᠡᠳᠦᠷ ᠲᠠᠨᠢᠯᠴᠠᠵᠤ᠂ ᠲᠤᠷᠰᠢᠯᠭ᠎ᠠ ᠰᠤᠳᠤᠯᠤᠯ᠎ᠠ᠃

ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠤᠨ ᠴᠠᠬᠢᠮ ᠬᠥᠭᠵᠢᠯ᠂ ᠢᠨᠨᠣᠸᠠᠼᠢ᠂ ᠰᠠᠨᠰᠠᠷ ᠤᠨ ᠠᠵᠤ ᠦᠢᠯᠡᠳᠪᠦᠷᠢ ᠊ᠢᠢᠨ ᠶᠠᠮᠤᠨ ᠊ᠤ ᠬᠠᠷᠢᠶ᠎ᠠ 《ᠢᠷᠭᠡᠳ ᠤᠨ ᠵᠠᠰᠠᠭ ᠤᠨ ᠭᠠᠵᠠᠷ》 ᠤᠯᠤᠰ ᠤᠨ ᠺᠣᠷᠫᠣᠷᠠᠼᠢ ᠨᠢ ᠤᠯᠤᠰ ᠤᠨ ᠬᠡᠮᠵᠢᠶᠡᠨ ᠊ᠳᠦ ᠓᠓᠔ ᠢᠷᠭᠡᠳ ᠲᠦ ᠦᠢᠯᠡᠴᠢᠯᠡᠬᠦ ᠴᠡᠭᠡ᠂ ᠒᠑᠂᠔᠗᠖ ᠠᠵᠢᠯᠲᠠᠨ ᠲᠠᠢ᠃ ᠦᠯᠦ ᠬᠥᠳᠡᠯᠬᠦ ᠬᠥᠷᠥᠩᠭᠡ ᠊ᠢᠢᠨ ᠪᠦᠷᠢᠳᠬᠡᠯ᠂ ᠭᠠᠵᠠᠷ ᠤᠨ ᠪᠦᠷᠢᠳᠬᠡᠯ᠂ ᠨᠡᠶᠢᠭᠡᠮ ᠤᠨ ᠬᠠᠯᠠᠮᠵᠢ ᠦᠢᠯᠡᠴᠢᠯᠡᠭᠡ᠂ ᠬᠠᠤᠯᠢ ᠊ᠢᠢᠨ ᠡᠲᠡᠭᠡᠳ ᠤᠨ ᠪᠦᠷᠢᠳᠬᠡᠯ᠂ ᠢᠷᠭᠡᠨ ᠊ᠤ ᠪᠦᠷᠢᠳᠬᠡᠯ ᠵᠡᠷᠭᠡ ᠖ ᠴᠢᠭᠯᠡᠯ ᠊ᠢᠢᠡᠷ ᠲᠥᠷᠥ ᠊ᠢᠢᠨ ᠴᠠᠬᠢᠮ ᠦᠢᠯᠡᠴᠢᠯᠡᠭᠡ ᠊ᠢᠢ ᠢᠷᠭᠡᠳ ᠲᠦ ᠬᠦᠷᠭᠡᠳᠡᠭ ᠪᠠᠶᠢᠭᠤᠯᠤᠯᠭ᠎ᠠ ᠶᠤᠮ᠃

ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠡᠴᠠ ᠭᠠᠷᠭᠠᠭᠰᠠᠨ ᠳᠡᠯᠡᠬᠡᠢ ᠊ᠢᠢᠨ ᠴᠠᠬᠢᠮ ᠦᠢᠯᠡᠴᠢᠯᠡᠭᠡᠨ ᠊ᠤ ᠢᠨᠳᠧᠺᠰ ᠊ᠢᠢᠡᠷ ᠘ ᠳ᠋ᠤᠭᠠᠷ ᠊ᠳᠤ ᠡᠷᠢᠮᠪᠡᠯᠡᠭᠳᠡᠵᠦ᠂ ISO ᠙᠐᠐᠑᠄᠒᠐᠑᠕ ᠴᠢᠨᠠᠷ ᠤᠨ ᠤᠳᠤᠷᠢᠳᠤᠯᠭ᠎ᠠ ᠊ᠢᠢᠨ ᠰᠢᠰᠲ᠋ᠧᠮ ᠢ ᠨᠡᠪᠲᠡᠷᠡᠭᠦᠯᠦᠭᠰᠡᠨ ᠲᠤᠰ ᠲᠥᠪ ᠲᠥᠷᠦ ᠊ᠢᠢᠨ ᠑᠒᠔᠕ ᠦᠢᠯᠡᠴᠢᠯᠡᠭᠡ ᠴᠠᠬᠢᠮᠵᠢᠭᠤᠯᠤᠭᠰᠠᠨ ᠡᠴᠠ ᠙᠔.᠕% ᠍ ᠢ ᠨᠢᠭᠡ ᠴᠡᠭᠡ ᠤᠨ ᠦᠢᠯᠡᠴᠢᠯᠡᠭᠡ ᠪᠡᠷ ᠦᠵᠡᠭᠦᠯᠵᠦ ᠪᠠᠶᠢᠨ᠎ᠠ᠃

ᠨᠡᠶᠢᠲᠡᠯᠡᠭᠰᠡᠨ᠄