ᠮᠣᠩᠭᠣᠯ ᠤᠯᠤᠰ ᠡᠴᠠ ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤ ᠪᠣᠯᠤᠨ ᠠᠯᠮᠠᠲ  ᠬᠣᠲᠠ ᠳᠠᠬᠢ ᠺᠣᠨᠰᠤᠶᠢᠯ ᠤᠨ ᠲᠥᠯᠥᠭᠡᠯᠡᠭᠴᠢ ᠊ᠢᠢᠨ ᠭᠠᠵᠠᠷ ᠲᠤ ᠲᠥᠷᠥ ᠊ᠢᠢᠨ ᠴᠠᠬᠢᠮ ᠦᠢᠯᠡᠴᠢᠯᠡᠭᠡᠨ ᠊ᠤ 《ᠬᠤᠷᠳᠤᠨ》 ᠴᠡᠭ ᠤᠨ ᠦᠢᠯᠡ ᠠᠵᠢᠯᠯᠠᠭ᠎ᠠ ᠊ᠢᠢ ᠡᠬᠢᠯᠡᠭᠦᠯᠦᠯ᠎ᠡ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠊ᠤ ᠬᠠᠷᠢᠶ᠎ᠠ ᠲᠥᠷᠥ ᠊ᠤᠢᠨ ᠴᠠᠬᠢᠮ ᠦᠢᠯᠡᠴᠢᠯᠡᠭᠡᠨ ᠊ᠤ ᠵᠣᠬᠢᠴᠠᠭᠤᠯᠤᠯᠲᠠ ᠊ᠢᠢᠨ ᠭᠠᠵᠠᠷ ᠨᠢ ᠬᠢᠯᠢ ᠊ᠢᠢᠨ ᠴᠢᠨᠠᠳᠤ ᠊ᠳᠤ ᠰᠤᠷᠴᠤ᠂ ᠠᠵᠢᠯᠯᠠᠵᠤ᠂ ᠠᠮᠢᠳᠤᠷᠠᠵᠤ ᠪᠤᠢ ᠮᠣᠩᠭᠣᠯ ᠤᠯᠤᠰ ᠤᠨ ᠢᠷᠭᠡᠳ ᠲᠦ ᠲᠥᠷᠥ ᠊ᠢᠢᠨ ᠴᠠᠬᠢᠮ ᠦᠢᠯᠡᠴᠢᠯᠡᠭᠡ ᠊ᠢᠢ ᠬᠦᠷᠲᠡᠭᠡᠮᠵᠢᠲᠡᠢ ᠬᠦᠷᠭᠡᠬᠦ ᠵᠣᠷᠢᠯᠭ᠎ᠠ ᠪᠠᠷ ᠲᠤᠬᠠᠢ ᠊ᠢᠢᠨ ᠤᠯᠤᠰ ᠤᠨ ᠡᠯᠴᠢᠨ ᠰᠠᠶᠢᠳ ᠤᠨ ᠶᠠᠮᠤ᠂ ᠳ᠋ᠢᠫᠯᠣᠮᠠᠲ ᠲᠥᠯᠥᠭᠡᠯᠡᠭᠴᠢ ᠊ᠢᠢᠨ ᠭᠠᠵᠠᠷ ᠤᠳ ᠲᠤ 《ᠬᠤᠷᠳᠤᠨ》 ᠴᠡᠭ ᠊ᠢ ᠦᠶ᠎ᠡ ᠱᠠᠲᠤ ᠲᠠᠢ ᠨᠡᠭᠡᠭᠡᠨ ᠠᠵᠢᠯᠯᠠᠵᠤ ᠪᠠᠶᠢᠨ᠎ᠠ᠃

ᠡᠨᠡ ᠤᠳᠠᠭ᠎ᠠ ᠮᠣᠩᠭᠣᠯ ᠤᠯᠤᠰ ᠡᠴᠠ ᠪᠦᠭᠦᠳᠡ ᠨᠠᠶᠢᠷᠠᠮᠳᠠᠬᠤ ᠬᠠᠰᠠᠺᠰᠲᠠᠨ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤ ᠪᠣᠯᠤᠨ ᠠᠯᠮᠠᠲ  ᠬᠣᠲᠠ ᠳ᠋ᠠᠬᠢ ᠺᠣᠨᠰᠤᠶᠢᠯ ᠤᠨ ᠲᠥᠯᠦᠭᠡᠯᠡᠭᠴᠢ ᠊ᠢᠢᠨ ᠭᠠᠵᠠᠷ ᠲᠤ 《ᠬᠤᠷᠳᠤᠨ》 ᠴᠡᠭ ᠠᠯᠪᠠᠨ ᠶᠣᠰᠣᠭᠠᠷ ᠨᠡᠭᠡᠭᠡᠯᠲᠡ ᠪᠡᠨ ᠬᠢᠵᠦ ᠬᠢᠯᠢ ᠊ᠢᠢᠨ ᠴᠢᠨᠠᠳᠤ ᠊ᠳᠤ ᠪᠠᠶᠢᠭᠤᠯᠤᠭᠳᠠᠭᠰᠠᠨ ᠒᠒ ᠤᠯᠤᠰ ᠤᠨ ᠓᠑᠂ ᠓᠒ ᠳ᠋ᠠᠬᠢ ᠴᠡᠭ ᠪᠣᠯᠤᠯ᠎ᠠ᠃

ᠲᠤᠰ ᠴᠡᠭ ᠪᠠᠶᠢᠭᠤᠯᠤᠭᠳᠠᠰᠤᠨ ᠊ᠢᠢᠠᠷ ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠪᠣᠯᠤᠨ ᠦᠽᠪᠧᠺᠢᠰᠲᠠᠨ᠂ ᠲᠦᠺᠮᠧᠨᠢᠰᠲᠠᠨ᠂ ᠲᠠᠵᠢᠺᠢᠰᠲᠠᠨ᠂ ᠭᠦᠷᠦᠵᠦ ᠤᠯᠤᠰ ᠲᠤ ᠰᠤᠷᠴᠤ᠂ ᠠᠵᠢᠯᠯᠠᠵᠤ᠂ ᠠᠮᠢᠳᠤᠷᠠᠵᠤ ᠪᠤᠢ ᠮᠣᠩᠭᠣᠯ ᠤᠯᠤᠰ ᠤᠨ ᠔᠐᠐᠐ ᠭᠠᠷᠤᠢ ᠢᠷᠭᠡᠨ ᠲᠥᠷᠦ ᠊ᠢᠢᠨ ᠕᠑ ᠪᠠᠶᠢᠭᠤᠯᠤᠯᠭ᠎ᠠ ᠊ᠢᠢᠨ ᠔᠖᠗ ᠲᠥᠷᠦᠯ ᠤᠨ ᠦᠢᠯᠡᠴᠢᠯᠡᠭᠡᠨ ᠡᠴᠡ ᠙᠘ ᠲᠥᠷᠦᠯ ᠤᠨ ᠯᠠᠪᠯᠠᠭᠠᠭ᠎ᠠ᠂ ᠲᠣᠳᠣᠷᠬᠠᠶᠢᠯᠠᠯᠲᠠ᠂ ᠕᠖ ᠲᠥᠷᠦᠯ ᠤᠨ ᠨᠢᠭᠡ ᠱᠠᠲᠤᠯᠠᠯᠲᠠ ᠦᠢᠯᠡᠴᠢᠯᠡᠭᠡ᠂ ᠓᠑᠓ ᠲᠥᠷᠦᠯ ᠤᠨ ᠣᠯᠠᠨ ᠱᠠᠲᠤᠯᠠᠯᠲᠠ ᠦᠢᠯᠡᠴᠢᠯᠡᠭᠡ ᠊ᠢᠢ ᠬᠦᠨᠳᠦᠷᠡᠯ᠂ ᠴᠢᠷᠭᠳᠡᠯ ᠦᠭᠡᠢ᠂ ᠬᠤᠷᠳᠤᠨ᠂ ᠰᠢᠭᠤᠷᠬᠠᠢ ᠠᠪᠬᠤ ᠪᠣᠯᠤᠮᠵᠢ ᠪᠦᠷᠢᠳᠴᠦ ᠪᠠᠶᠢᠨ᠎ᠠ᠃

ᠲᠥᠷᠥ ᠊ᠢᠢᠨ ᠦᠢᠯᠡᠴᠢᠯᠡᠭᠡ ᠬᠠᠮᠢᠭ᠎ᠠ ᠡᠴᠠ ᠴᠤ ᠣᠶᠢᠷ᠎ᠠ ᠬᠤᠷᠳᠤᠨ.᠃

ᠨᠡᠶᠢᠲᠡᠯᠡᠭᠰᠡᠨ᠄