ᠬᠠᠷᠢᠯᠴᠠᠭ᠎ᠠ ᠬᠣᠯᠪᠣᠭᠠᠨ ᠊ᠤ ᠲᠤᠬᠠᠢ ᠬᠠᠤᠯᠢ ᠊ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠊ᠢᠢᠨ ᠲᠥᠰᠥᠯ ᠊ᠢ ᠲᠠᠨᠢᠯᠴᠠᠭᠤᠯᠬᠤ ᠠᠭᠤᠯᠵᠠᠯᠲᠠ ᠪᠣᠯᠤᠯ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠒᠐᠒᠓ ᠣᠨ ᠊ᠤ ᠐᠒ ᠳ᠋ᠤᠭᠠᠷ ᠰᠠᠷ᠎ᠠ ᠊ᠢᠢᠨ ᠐᠙ ᠍ ᠊ᠤ ᠡᠳᠦᠷ ᠤᠨ ᠠ/᠐᠙ ᠳᠦᠭᠡᠷ ᠲᠤᠰᠢᠶᠠᠯ ᠊ᠢᠢᠠᠷ ᠬᠠᠷᠢᠯᠴᠠᠭ᠎ᠠ ᠬᠣᠯᠪᠣᠭᠠᠨ ᠊ᠤ ᠲᠤᠬᠠᠢ ᠬᠠᠤᠯᠢ ᠊ᠢᠢᠨ ᠬᠡᠷᠡᠭᠵᠢᠯᠲᠡ ᠊ᠢᠢᠨ ᠦᠷ᠎ᠡ ᠳᠠᠭᠠᠪᠤᠷᠢ ᠊ᠢᠢ ᠦᠨᠡᠯᠡᠬᠦ᠂ ᠦᠨᠡᠯᠡᠭᠡᠨ ᠊ᠳᠦ ᠲᠤᠯᠭᠠᠭᠤᠷᠢᠯᠠᠨ ᠤᠭ ᠬᠠᠤᠯᠢ ᠊ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠊ᠢᠢᠨ ᠲᠥᠰᠥᠯ ᠪᠣᠯᠪᠠᠰᠤᠷᠠᠭᠤᠯᠬᠤ ᠡᠭᠦᠷᠭᠡ ᠪᠦᠬᠦᠢ ᠠᠵᠢᠯ ᠤᠨ ᠬᠡᠰᠡᠭ ᠊ᠢ ᠬᠠᠷᠢᠯᠴᠠᠭ᠎ᠠ ᠬᠣᠯᠪᠣᠭᠠᠨ ᠊ᠤ ᠵᠣᠬᠢᠴᠠᠭᠤᠯᠬᠤ ᠬᠣᠷᠢᠶᠠᠨ ᠊ᠤ ᠲᠥᠯᠥᠭᠡᠯᠡᠯ ᠊ᠢ ᠣᠷᠤᠯᠴᠠᠭᠤᠯᠤᠨ ᠪᠠᠶᠢᠭᠤᠯᠤᠭᠰᠠᠨ᠃

ᠠᠵᠢᠯ ᠤᠨ ᠬᠡᠰᠡᠭ ᠡᠴᠡ ᠬᠠᠷᠢᠯᠴᠠᠭ᠎ᠠ ᠬᠣᠯᠪᠣᠭᠠᠨ ᠊ᠤ ᠲᠤᠬᠠᠢ ᠬᠠᠤᠯᠢ ᠊ᠢᠢᠨ ᠬᠡᠷᠡᠭᠵᠢᠯᠲᠡ ᠊ᠢᠢᠨ ᠦᠷ᠎ᠡ ᠳᠠᠭᠠᠪᠤᠷᠢ ᠊ᠳᠤ ᠦᠨᠡᠯᠡᠭᠡ ᠬᠢᠭᠰᠡᠨ ᠲᠠᠶᠢᠯᠠᠩ ᠊ᠢ ᠦᠨᠳᠦᠰᠦᠯᠡᠨ ᠤᠭ ᠬᠠᠤᠯᠢ ᠊ᠳᠤ ᠨᠡᠮᠡᠯᠲᠡ᠂ ᠥᠭᠡᠷᠡᠴᠢᠯᠡᠯᠲᠡ ᠣᠷᠣᠭᠤᠯᠬᠤ ᠬᠠᠤᠯᠢ ᠊ᠢᠢᠨ ᠲᠥᠰᠦᠯ ᠊ᠢ ᠪᠣᠯᠪᠠᠰᠤᠷᠠᠭᠤᠯᠵᠤ᠂ ᠰᠠᠯᠪᠤᠷᠢ ᠊ᠢᠢᠨ ᠦᠢᠯᠡᠴᠢᠯᠡᠭᠡ ᠡᠷᠬᠢᠯᠡᠭᠴᠢᠳ ᠤᠨ ᠳᠤᠮᠳᠠ ᠥᠨᠥᠳᠥᠷ (᠒᠐᠒᠔.᠐᠑.᠐᠕) ᠲᠥᠰᠦᠯ ᠲᠠᠨᠢᠯᠴᠠᠭᠤᠯᠬᠤ ᠠᠭᠤᠯᠵᠠᠯᠲᠠ ᠵᠣᠬᠢᠶᠠᠨ ᠪᠠᠶᠢᠭᠤᠯᠤᠯ᠎ᠠ᠃

ᠠᠭᠤᠯᠵᠠᠯᠲᠠ ᠊ᠳᠤ ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠬᠠᠤᠯᠢ ᠊ᠢᠢᠨ ᠲᠥᠰᠥᠯ ᠊ᠢ ᠪᠣᠯᠪᠠᠰᠤᠷᠠᠭᠤᠯᠬᠤ ᠬᠡᠷᠡᠭᠴᠡᠭᠡ ᠱᠠᠭᠠᠷᠳᠠᠯᠭ᠎ᠠ ᠊ᠢᠢᠨ ᠲᠠᠯ᠎ᠠ ᠪᠠᠷ᠂ ᠬᠠᠷᠢᠯᠴᠠᠭ᠎ᠠ ᠬᠣᠯᠪᠣᠭᠠᠨ ᠊ᠤ ᠵᠣᠬᠢᠴᠠᠭᠤᠯᠬᠤ ᠬᠣᠷᠢᠶᠠᠨ ᠊ᠤ ᠠᠵᠢᠯ ᠤᠨ ᠠᠯᠪᠠᠨ ᠊ᠤ ᠳᠠᠷᠤᠭ᠎ᠠ ᠠ᠊ ∙ ᠯᠤᠪᠰᠠᠩ-ᠣᠴᠢᠷ ᠬᠠᠤᠯᠢ ᠊ᠢᠢᠨ ᠲᠥᠰᠥᠯ ᠊ᠳᠦ ᠬᠠ᠊ ᠬᠣ᠊ ᠽᠣ᠊ ᠬᠣ᠊- ᠡᠴᠠ ᠣᠷᠣᠭᠤᠯᠵᠤ ᠪᠤᠢ ᠨᠡᠮᠡᠯᠲᠡ᠂ ᠥᠭᠡᠷᠡᠴᠢᠯᠡᠯᠲᠡ ᠊ᠢᠢᠨ ᠰᠠᠨᠠᠯ ᠢ᠂ ᠮᠡᠳᠡᠭᠡᠯᠡᠯ ᠬᠣᠯᠪᠣᠭᠠᠨ ᠊ᠤ ᠣᠫᠧᠷᠠᠲ᠋ᠣᠷ ᠤᠳ ᠤᠨ ᠠᠰᠰᠣᠴᠢᠶᠠᠴᠢ ᠊ᠢᠢᠨ ᠰᠤᠳᠤᠯᠤᠭᠠᠴᠢ᠂ ᠮᠧᠨᠧᠵᠧᠷ ᠶᠠ᠊ ∙ ᠰᠤᠪᠳᠠᠩᠴᠢᠮᠡᠭ 《ᠦᠨᠳᠦᠰᠦᠨ ᠊ᠤ ᠷᠣᠢᠮᠢᠩ ᠊ᠢ ᠦᠢᠯᠡᠴᠢᠯᠡᠭᠡ ᠊ᠢᠢ ᠮᠣᠩᠭᠣᠯ ᠤᠯᠤᠰ ᠲᠤ ᠨᠡᠪᠲᠡᠷᠡᠭᠦᠯᠬᠦ ᠪᠣᠯᠤᠮᠵᠢ》 ᠰᠤᠳᠤᠯᠭᠠᠨ ᠊ᠤ ᠠᠵᠢᠯ ᠤᠨ ᠲᠠᠯ᠎ᠠ ᠪᠠᠷ ᠲᠤᠰ ᠲᠤᠰ ᠲᠠᠨᠢᠯᠴᠠᠭᠤᠯᠭ᠎ᠠ᠂ ᠮᠡᠳᠡᠭᠡᠯᠡᠯ ᠬᠢᠪᠡ᠃

ᠠᠭᠤᠯᠵᠠᠯᠲᠠ ᠪᠠᠷ ᠬᠠᠷᠢᠯᠴᠠᠭ᠎ᠠ ᠬᠣᠯᠪᠣᠭᠠᠨ ᠊ᠤ ᠵᠣᠬᠢᠴᠠᠭᠤᠯᠬᠤ ᠬᠣᠷᠢᠶ᠎ᠠ᠂ ᠮᠡᠳᠡᠭᠡᠯᠡᠯ ᠬᠣᠯᠪᠣᠭᠠᠨ ᠊ᠤ ᠣᠫᠧᠷᠠᠲ᠋ᠣᠷ ᠤᠳ ᠤᠨ ᠠᠰᠰᠣᠴᠢᠶᠠᠴᠢ᠂ ᠮᠣᠪᠢᠺᠣᠮ ᠺᠣᠷᠫᠣᠷᠠᠼᠢ ᠬ᠊ ᠬ᠊ ᠺ᠂ ᠶᠨᠢᠲ᠋ᠧᠯ ᠬ᠊ ᠬ᠊ ᠺ᠂ ᠰᠺᠠᠲ᠋ᠧᠯ ᠬ᠊ ᠬ᠊ ᠺ᠊᠂ ᠵᠢ ᠮᠣᠪᠠᠶᠢᠯ ᠬ᠊ ᠬ᠊ ᠺ᠊᠂ ᠣᠨᠳᠣ ᠬ ᠬ ᠺ᠂ ᠮᠡᠳᠡᠭᠡᠯᠡᠯ ᠬᠣᠯᠪᠣᠭᠠᠨ ᠊ᠤ ᠰᠦᠯᠵᠢᠶ᠎ᠡ ᠬ᠊ ᠬ᠊ ᠺ᠊ ᠍ ᠤᠨ ᠓᠐ ᠣᠷᠴᠢᠮ ᠬᠣᠯᠪᠣᠭᠳᠠᠬᠤ ᠠᠯᠪᠠᠨ ᠊ᠤ ᠲᠥᠯᠥᠭᠡᠯᠡᠯ ᠲᠠᠨᠢᠯᠴᠠᠭᠤᠯᠭ᠎ᠠ᠂ ᠮᠡᠳᠡᠭᠡᠯᠡᠯ ᠤᠨ ᠬᠦᠷᠢᠶᠡᠨ ᠊ᠳᠦ ᠰᠠᠨᠠᠯ ᠰᠣᠯᠢᠯᠴᠠᠯ᠎ᠠ᠃

ᠨᠡᠶᠢᠲᠡᠯᠡᠭᠰᠡᠨ᠄