《ᠲᠥᠷᠥ ᠊ᠢᠢᠨ ᠡᠭᠦᠯᠡᠨ ᠰᠢᠰᠲ᠋ᠧᠮ-Mcloud》 ᠊ᠢᠢ ᠲᠥᠷᠥ᠂ ᠬᠤᠪᠤ ᠊ᠢᠢᠨ ᠬᠡᠪᠰᠢᠯ ᠤᠨ ᠲᠦᠩᠰᠢᠯᠡᠯ ᠊ᠢᠢᠡᠷ ᠨᠡᠪᠲᠡᠷᠡᠭᠦᠯᠦᠯ᠎ᠡ


ᠦᠨᠳᠦᠰᠦᠨ ᠊ᠤ ᠳᠠᠲ᠋ᠠ ᠲᠥᠪ ᠤᠨ ᠰᠧᠷᠸᠧᠷ ᠤᠳ ᠣᠷᠭᠢᠯ ᠠᠴᠢᠶᠠᠯᠠᠯ ᠤᠨ ᠦᠶ᠎ᠡ ᠪᠡᠷ ᠵᠠᠷᠢᠮ ᠲᠣᠬᠢᠶᠠᠯᠳᠤᠯ ᠊ᠳᠤ ᠠᠴᠢᠶᠠᠯᠠᠯ ᠊ᠢᠢᠠᠨ ᠳᠡᠶᠢᠯᠬᠦ ᠦᠭᠡᠢ᠂ ᠡᠷᠦᠰᠳᠡᠯ ᠡᠭᠦᠰᠬᠡᠵᠦ᠂ ᠲᠡᠷᠡ ᠬᠢᠷᠢ ᠪᠡᠷ ᠲᠥᠰᠥᠪ ᠤᠨ ᠬᠥᠷᠥᠩᠭᠡ ᠪᠡᠷ ᠨᠡᠮᠡᠯᠲᠡ ᠰᠧᠷᠸᠧᠷ ᠰᠠᠭᠤᠷᠢᠯᠠᠭᠤᠯᠵᠤ ᠵᠣᠬᠢᠴᠠᠭᠤᠯᠳᠠᠭ ᠪᠠᠶᠢᠪᠠ᠃ ᠲᠡᠭᠡᠪᠡᠯ ᠣᠳᠣ 《openstack》 ᠲᠧᠭᠨᠣᠯᠣᠭᠢ ᠊ᠳᠤ ᠰᠠᠭᠤᠷᠢᠯᠠᠭᠰᠠᠨ ᠲᠥᠷᠥ ᠊ᠢᠢᠨ ᠡᠭᠦᠯᠡᠨ ᠰᠢᠰᠲ᠋ᠧᠮ ᠨᠡᠭᠡᠭᠡᠯᠲᠡ ᠪᠡᠨ ᠬᠢᠭᠰᠡᠨ ᠊ᠢᠢᠡᠷ ᠤᠭ ᠠᠰᠤᠤᠳᠠᠯ ᠪᠦᠷᠢᠨ ᠰᠢᠢᠳᠦᠭᠳᠡᠵᠦ ᠪᠠᠶᠢᠨ᠎ᠠ᠃

ᠣᠯᠠᠨ ᠲᠣᠭᠠᠨ ᠊ᠤ ᠰᠧᠷᠸᠧᠷ᠂ ᠬᠠᠳᠠᠭᠠᠯᠠᠬᠤ ᠲᠥᠬᠥᠭᠡᠷᠦᠮᠵᠢ᠂ ᠰᠦᠯᠵᠢᠶᠡᠨ ᠊ᠤ ᠲᠥᠬᠥᠭᠡᠷᠦᠮᠵᠢ ᠨᠦᠭᠦᠳ ᠊ᠢ ᠨᠢᠭᠡᠳᠬᠡᠵᠦ᠂ ᠤᠷᠠᠭᠠᠯᠭ᠎ᠠ ᠪᠠᠷ᠂ ᠣᠨᠣᠪᠴᠢᠲᠠᠢ᠂ ᠸᠢᠷᠲᠤᠸᠠᠯᠴᠢᠯᠠᠵᠤ ᠤᠳᠤᠷᠢᠳᠬᠤ ᠪᠣᠯᠤᠮᠵᠢ ᠣᠯᠭᠤᠵᠤ ᠪᠤᠢ ᠤᠭ ᠰᠢᠢᠳᠦᠯ ᠡᠳ᠋ ᠍ ᠊ᠢᠢᠨ ᠵᠠᠰᠠᠭ᠂ ᠴᠠᠭ ᠬᠤᠭᠤᠴᠠᠭ᠎ᠠ᠂ ᠠᠶᠤᠯ ᠦᠭᠡᠢ ᠪᠠᠶᠢᠳᠠᠯ ᠤᠨ ᠴᠢᠬᠤᠯᠠ ᠡᠴᠢ ᠬᠣᠯᠪᠣᠭᠳᠠᠯ ᠲᠠᠢ᠃

ᠲᠥᠷᠥ ᠬᠤᠪᠤ ᠊ᠢᠢᠨ ᠬᠡᠪᠰᠢᠯ ᠤᠨ ᠳᠡᠮᠵᠢᠵᠦ᠂ ᠬᠠᠮᠲᠤᠷᠠᠨ ᠠᠵᠢᠯᠯᠠᠬᠤ ᠪᠣᠳᠣᠯᠭ᠎ᠠ ᠬᠡᠷᠡᠭᠵᠢᠵᠦ᠂ ᠨᠡᠭᠡᠭᠡᠯᠲᠡ ᠲᠡᠢ ᠰᠣᠩᠭᠣᠨ ᠰᠢᠯᠭᠠᠷᠠᠭᠤᠯᠤᠯᠲᠠ ᠵᠠᠷᠯᠠᠭᠰᠠᠨ᠃ ᠡᠭᠦᠨ ᠊ᠳᠦ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠳᠤ ᠠᠮᠵᠢᠯᠲᠠ ᠲᠠᠢ ᠠᠵᠢᠯᠯᠠᠵᠤ᠂ ᠪᠦᠲᠦᠭᠡᠭᠳᠡᠬᠦᠨ ᠦᠢᠯᠡᠴᠢᠯᠡᠭᠡ ᠪᠡᠨ ᠭᠠᠳᠠᠭᠰᠢ ᠪᠠᠨ ᠡᠺᠫᠤᠷᠲᠯᠠᠵᠤ ᠪᠤᠢ 《Fibo cloud》 ᠺᠣᠮᠫᠠᠨᠢ ᠰᠢᠯᠭᠠᠷᠴᠢ᠂ ᠡᠨᠡ ᠰᠢᠰᠲ᠋ᠧᠮ ᠢ ᠠᠮᠵᠢᠯᠲᠠ ᠲᠠᠢ ᠪᠦᠲᠦᠭᠡᠭᠰᠡᠨ ᠊ᠳᠦ ᠪᠠᠶᠠᠷᠲᠠᠢ ᠪᠠᠶᠢᠨ᠎ᠠ᠃

ᠨᠡᠶᠢᠲᠡᠯᠡᠭᠰᠡᠨ᠄