ᠣᠷᠣᠨ ᠵᠠᠢ ᠊ᠢᠢᠨ ᠥᠭᠭᠥᠭᠳᠡᠯ ᠤᠨ ᠳᠡᠳ᠋ ᠪᠦᠲᠦᠴᠡ ᠊ᠢᠢᠨ ᠲᠤᠬᠠᠢ ᠬᠠᠤᠯᠢ ᠊ᠢᠢᠨ ᠲᠥᠰᠥᠯ ᠊ᠢ ᠬᠡᠯᠡᠯᠴᠡᠯ᠎ᠡ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ᠂ ᠪᠠᠷᠢᠯᠭ᠎ᠠ ᠬᠣᠲᠠ ᠪᠠᠶᠢᠭᠤᠯᠤᠯᠲᠠ ᠊ᠢᠢᠨ ᠰᠠᠶᠢᠳ ᠨᠠᠷ ᠤᠨ ᠬᠠᠮᠲᠤᠷᠠᠭᠰᠠᠨ ᠲᠤᠰᠢᠶᠠᠯ ᠊ᠢᠢᠠᠷ 《ᠣᠷᠣᠨ ᠵᠠᠢ ᠊ᠢᠢᠨ ᠥᠭᠭᠥᠭᠳᠡᠯ ᠤᠨ ᠳᠡᠳ᠋ ᠪᠦᠲᠦᠴᠡ ᠊ᠢᠢᠨ ᠲᠤᠬᠠᠢ ᠬᠠᠤᠯᠢ》 ᠍ ᠊ᠢᠢᠨ ᠲᠥᠰᠥᠯ ᠊ᠢ ᠪᠣᠯᠪᠠᠰᠤᠷᠠᠭᠤᠯᠬᠤ ᠠᠵᠢᠯ ᠤᠨ ᠬᠡᠰᠡᠭ ᠊ᠢ ᠪᠠᠶᠢᠭᠤᠯᠤᠨ ᠠᠵᠢᠯᠯᠠᠵᠤ ᠪᠠᠶᠢᠨ᠎ᠠ᠃

ᠡᠨᠡᠬᠦ ᠬᠠᠤᠯᠢ ᠊ᠢᠢᠨ ᠲᠥᠰᠥᠯ ᠨᠢ ᠣᠷᠣᠨ ᠵᠠᠢ ᠊ᠢᠢᠨ ᠥᠭᠭᠥᠭᠳᠡᠯ ᠤᠨ ᠳᠡᠳ᠋ ᠪᠦᠲᠦᠴᠡ ᠊ᠢᠢ ᠪᠠᠶᠢᠭᠤᠯᠬᠤ᠂ ᠦᠢᠯᠡ ᠠᠵᠢᠯᠯᠠᠭ᠎ᠠ ᠊ᠢᠢ ᠤᠳᠤᠷᠢᠳᠬᠤ᠂ ᠵᠣᠬᠢᠶᠠᠨ ᠪᠠᠶᠢᠭᠤᠯᠬᠤ᠂ ᠬᠢᠨᠠᠯᠲᠠ ᠲᠠᠯᠪᠢᠬᠤ᠂ ᠬᠡᠷᠡᠭᠯᠡᠭᠡ ᠊ᠢᠢ ᠨᠡᠮᠡᠭᠳᠡᠭᠦᠯᠬᠦ ᠲᠡᠢ ᠬᠣᠯᠪᠣᠭᠳᠠᠭᠰᠠᠨ ᠬᠠᠷᠢᠯᠴᠠᠭ᠎ᠠ ᠊ᠢᠢ ᠵᠣᠬᠢᠴᠠᠭᠤᠯᠬᠤ ᠵᠣᠷᠢᠯᠭ᠎ᠠ ᠲᠠᠢ ᠪᠥᠭᠡᠳ ᠥᠨᠥᠳᠥᠷ (᠒᠐᠒᠓.᠑᠒.᠐᠘) ᠲᠤᠰ ᠬᠠᠤᠯᠢ ᠊ᠢᠢᠨ ᠲᠥᠰᠥᠯ ᠤᠨ ᠬᠡᠯᠡᠯᠴᠡᠭᠦᠯᠭᠡ ᠊ᠢ ᠬᠠᠷᠢᠯᠴᠠᠭ᠎ᠠ ᠬᠣᠯᠪᠣᠭᠠᠨ ᠊ᠤ ᠴᠢᠭᠯᠡᠯ ᠊ᠢᠢᠡᠷ ᠦᠢᠯᠡ ᠠᠵᠢᠯᠯᠠᠭ᠎ᠠ ᠡᠷᠬᠢᠯᠡᠬᠦ ᠲᠤᠰᠬᠠᠢ ᠵᠥᠪᠰᠢᠶᠡᠷᠡᠯ ᠡᠵᠡᠮᠰᠢᠭᠴᠢᠳ ᠤᠨ ᠳᠤᠮᠳᠠ ᠵᠣᠬᠢᠶᠠᠨ ᠪᠠᠶᠢᠭᠤᠯᠤᠯ᠎ᠠ᠃

ᠮᠣᠩᠭᠣᠯ ᠤᠯᠤᠰ ᠲᠤ ᠣᠷᠣᠨ ᠵᠠᠢ ᠊ᠢᠢᠨ ᠥᠭᠭᠥᠭᠳᠡᠯ ᠤᠨ ᠰᠠᠩ ᠢ ᠪᠦᠷᠢᠳᠦᠭᠦᠯᠬᠦ᠂ ᠠᠰᠢᠭᠯᠠᠬᠤ ᠠᠰᠠᠭᠤᠳᠠᠯ ᠊ᠢ ᠵᠣᠬᠢᠴᠠᠭᠤᠯᠤᠭᠰᠠᠨ ᠬᠦᠴᠦᠨ ᠲᠡᠭᠦᠯᠳᠡᠷ ᠦᠢᠯᠡᠴᠢᠯᠡᠵᠦ ᠪᠤᠢ ᠑᠓ ᠬᠠᠤᠯᠢ ᠊ᠳᠤ ᠳᠠᠪᠬᠤᠷᠳᠠᠭᠰᠠᠨ ᠲᠣᠭ᠎ᠠ ᠪᠠᠷ ᠔᠔ ᠮᠡᠳᠡᠭᠡᠯᠡᠯ ᠤᠨ ᠰᠠᠩ ᠤᠨ ᠵᠣᠬᠢᠴᠠᠭᠤᠯᠤᠯᠲᠠ ᠪᠠᠶᠢᠭ᠎ᠠ ᠪᠣᠯᠪᠠᠴᠤ ᠬᠣᠭᠣᠷᠣᠨᠳᠣ ᠊ᠢᠢᠨ ᠤᠶᠠᠯᠳᠤᠭ᠎ᠠ ᠊ᠢᠢ ᠬᠠᠩᠭᠠᠬᠤ᠂ ᠣᠷᠣᠨ ᠵᠠᠢ ᠊ᠳᠤ ᠳᠦᠷᠰᠦᠯᠢᠭ ᠲᠦ ᠬᠢ ᠥᠭᠭᠥᠭᠳᠡᠯ᠂ ᠮᠡᠳᠡᠭᠡᠯᠡᠯ ᠤᠨ ᠨᠢᠭᠡᠳᠦᠭᠰᠡᠨ ᠰᠢᠰᠲ᠋ᠧᠮ ᠢ ᠪᠤᠢ ᠪᠣᠯᠭᠠᠬᠤ᠂ ᠣᠷᠣᠨ ᠵᠠᠢ ᠊ᠢᠢᠨ ᠥᠭᠭᠥᠭᠳᠡᠯ ᠤᠨ ᠨᠢᠭᠡᠳᠦᠮᠡᠯ ᠪᠠᠶᠢᠳᠠᠯ ᠢ ᠬᠠᠩᠭᠠᠬᠤ ᠲᠠᠢ ᠬᠣᠯᠪᠣᠭᠠᠲᠠᠢ ᠡᠷᠬᠡ ᠵᠦᠢ ᠊ᠢᠢᠨ ᠵᠣᠬᠢᠴᠠᠭᠤᠯᠤᠯᠲᠠ ᠪᠠᠶᠢᠬᠤ ᠦᠭᠡᠢ ᠪᠠᠶᠢᠨ᠎ᠠ᠃

ᠬᠠᠤᠯᠢ ᠊ᠢᠢᠨ ᠲᠥᠰᠥᠯ ᠪᠠᠲᠤᠯᠠᠭᠳᠠᠭᠰᠠᠨ ᠊ᠢᠢᠠᠷ ᠣᠯᠠᠨ ᠲᠥᠷᠥᠯ ᠤᠨ ᠮᠡᠳᠡᠭᠡᠯᠡᠯ ᠤᠨ ᠰᠠᠩ ᠤᠨ ᠤᠶᠠᠯᠳᠤᠭ᠎ᠠ᠂ ᠬᠣᠯᠪᠣᠭ᠎ᠠ ᠊ᠢᠢ ᠬᠠᠩᠭᠠᠬᠤ ᠊ᠳᠤ ᠨᠢᠭᠡᠳᠦᠭᠰᠡᠨ ᠰᠲ᠋ᠠᠨᠳᠠᠷᠲ ᠤᠨ ᠳᠠᠭᠠᠤ ᠪᠦᠷᠢᠳᠦᠭᠦᠯᠵᠦ᠂ ᠠᠰᠢᠭᠯᠠᠭᠰᠠᠨ ᠊ᠢᠢᠠᠷ ᠲᠥᠰᠥᠪ ᠤᠨ ᠳᠠᠪᠬᠤᠷᠳᠠᠯ᠂ ᠮᠡᠳᠡᠭᠡᠯᠡᠯ ᠤᠨ ᠰᠢᠨᠡᠯᠢᠭ᠂ ᠪᠠᠲᠤᠯᠠᠭ᠎ᠠ ᠲᠠᠢ ᠪᠠᠶᠢᠳᠠᠯ ᠬᠠᠩᠭᠠᠭᠳᠠᠬᠤ ᠡᠴᠢ ᠬᠣᠯᠪᠣᠭᠳᠠᠯ ᠲᠠᠢ ᠶᠤᠮ᠃

ᠨᠡᠶᠢᠲᠡᠯᠡᠭᠰᠡᠨ᠄