ᠪᠥᠰᠡ ᠨᠤᠲᠤᠭ ᠤᠨ ᠴᠠᠬᠢᠮ ᠬᠤᠳᠠᠯᠳᠤᠭᠠᠨ ᠊ᠤ ᠡᠺᠣᠰᠢᠰᠲ᠋ᠧᠮ ᠪᠦᠷᠢᠳᠦᠭᠦᠯᠬᠦ ᠠᠵᠢᠯ ᠊ᠳᠤ ᠤᠷᠤᠯᠴᠠᠬᠤ ᠴᠢᠭᠯᠡᠯ ᠊ᠢᠢᠡᠷ ᠼᠠ᠊ ᠬᠥ᠊ ᠬᠠ᠊ ᠬᠣ᠊ ᠶᠠ᠊ ᠪᠣᠯᠤᠨ ᠬᠤᠪ ᠤᠨ ᠬᠡᠪᠰᠢᠯ ᠤᠨ ᠲᠥᠯᠥᠭᠡᠯᠡᠭᠴᠢᠳ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠳᠦ ᠠᠵᠢᠯᠯᠠᠵᠤ ᠪᠠᠶᠢᠨ᠎ᠠ


ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠴᠠᠬᠢᠮ ᠬᠤᠳᠠᠯᠳᠤᠭᠠᠨ ᠊ᠤ ᠬᠠᠪ ᠭᠡᠭᠳᠡᠳᠡᠭ ᠬᠠᠨᠵᠢᠤ ᠬᠣᠲᠣᠩ ᠊ᠢᠢᠠᠨ ᠡᠨᠡ ᠰᠠᠷ᠎ᠠ ᠊ᠢᠢᠨ ᠒᠒-᠒᠔ ᠍ ᠊ᠤ ᠡᠳᠦᠷ ᠡᠤᠳ ᠲᠦ ᠲᠥᠪ ᠠᠽᠢᠶ᠎ᠠ ᠊ᠢᠢᠨ ᠡᠳ᠋ ᠍ ᠊ᠢᠢᠨ ᠵᠠᠰᠠᠭ ᠤᠨ ᠬᠠᠮᠲᠤ ᠊ᠢᠢᠨ ᠠᠵᠢᠯᠯᠠᠭ᠎ᠠ ᠪᠠᠨ (CAREC) ᠍ ᠊ᠤ ᠭᠡᠰᠢᠭᠦᠨ ᠑᠐ ᠤᠯᠤᠰ ᠤᠨ ᠒᠐᠐᠐ ᠭᠠᠷᠤᠢ ᠲᠥᠯᠥᠭᠡᠯᠡᠭᠴᠢᠳ ᠴᠢᠭᠤᠯᠵᠤ᠂ ᠪᠥᠰᠡ ᠨᠤᠲᠤᠭ ᠤᠨ ᠴᠠᠬᠢᠮ ᠬᠤᠳᠠᠯᠳᠤᠭᠠᠨ ᠊ᠤ ᠡᠺᠣᠰᠢᠰᠲ᠋ᠧᠮ ᠪᠦᠷᠢᠳᠦᠭᠦᠯᠵᠦ᠂ ᠴᠠᠬᠢᠮ ᠡᠳ᠋ ᠍ ᠤᠨ ᠵᠠᠰᠠᠭ ᠤᠨ ᠺᠣᠷᠷᠢᠳᠣᠷ ᠪᠠᠶᠢᠭᠤᠯᠬᠤ ᠊ᠳᠤ ᠱᠠᠭᠠᠷᠳᠠᠯᠭ᠎ᠠ ᠲᠠᠢ ᠲᠧᠭᠨᠣᠯᠣᠭᠢ ᠨᠤᠭᠤᠳ ᠲᠠᠢ ᠲᠠᠨᠢᠯᠴᠠᠵᠤ᠂ ᠪᠣᠳᠣᠯᠭ᠎ᠠ ᠊ᠢᠢᠨ ᠰᠢᠢᠳᠦᠯ ᠤᠳ ᠊ᠢ ᠬᠡᠯᠡᠯᠴᠡᠪᠡ᠃

ᠮᠣᠩᠭᠣᠯ ᠤᠯᠤᠰ ᠡᠴᠠ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ᠂ ᠵᠢᠵᠢᠭ ᠳᠤᠮᠳᠠ ᠦᠢᠯᠡᠳᠪᠦᠷᠢ ᠊ᠢᠢᠨ ᠭᠠᠵᠠᠷ᠂ ᠭᠣᠪᠢ ХК᠂ APU ХХК᠂ Lhamour᠂ Airee ᠵᠡᠷᠭᠡ ᠦᠢᠯᠡᠪᠦᠷᠢᠯᠡᠭᠴᠢ ᠺᠣᠮᠫᠠᠨᠢ ᠨᠤᠭᠤᠳ᠂ Shoppy᠂ Intelmind᠂ Fibo Cloud᠂ Erxes᠂ Go Lab ᠵᠡᠷᠭᠡ ᠲᠧᠭᠨᠣᠯᠣᠭᠢ ᠊ᠢᠢᠨ ᠺᠣᠮᠫᠠᠨᠢ ᠨᠤᠭᠤᠳ ᠲᠡᠳᠦᠢ ᠦᠭᠡᠢ ᠲᠡᠭᠡᠭᠡᠪᠦᠷᠢ ᠯᠣᠵᠢᠰᠲ᠋ᠢᠭ ᠤᠨ ᠲᠡᠷᠢᠭᠦᠯᠡᠭᠴᠢ ᠺᠣᠮᠫᠠᠨᠢ ᠨᠤᠭᠤᠳ ᠤᠨ ᠨᠢᠭᠡ ᠲᠢ ᠠᠢ ᠯᠣᠵᠢᠰᠲ᠋ᠢᠭ ᠬ᠊ ᠬ᠊ ᠋ᠺ ᠲᠥᠯᠦᠭᠡᠯᠡᠭᠴᠢᠳ ᠣᠷᠣᠯᠴᠠᠵᠤ ᠪᠠᠶᠢᠨ᠎ᠠ᠃

ᠪᠦᠰᠡ ᠨᠤᠲᠤᠭ ᠤᠨ ᠴᠠᠬᠢᠮ ᠬᠤᠳᠠᠯᠳᠤᠭᠠᠨ ᠊ᠤ ᠰᠦᠯᠵᠢᠶᠡᠨ ᠊ᠳᠦ ᠬᠣᠯᠪᠣᠭᠳᠠᠵᠤ᠂ ᠬᠠᠮᠲᠤ ᠊ᠢᠢᠨ ᠠᠵᠢᠯᠯᠠᠭᠠᠨ ᠊ᠤ ᠪᠣᠯᠤᠮᠵᠢ ᠡᠷᠦᠯᠬᠢᠯᠡᠬᠦ ᠵᠣᠷᠢᠯᠭ᠎ᠠ ᠪᠦᠬᠦᠢ ᠲᠤᠰ ᠠᠶᠤᠴᠢᠯᠠᠯ ᠤᠨ ᠬᠦᠷᠢᠶᠡᠨ ᠊ᠳᠦ ᠲᠥᠯᠦᠭᠡᠯᠡᠭᠴᠢᠳ Ant International᠂ Alibaba ᠍ ᠤᠨ ᠲᠥᠪ ᠊ᠢᠢᠡᠷ ᠵᠣᠴᠢᠯᠠᠵᠤ᠂ ᠴᠠᠬᠢᠮ ᠬᠤᠳᠠᠯᠳᠤᠭᠠᠨ ᠊ᠤ ᠡᠺᠣᠰᠢᠰᠲ᠋ᠧᠮ ᠊ᠢ ᠬᠥᠭᠵᠢᠭᠦᠯᠬᠦ ᠰᠤᠷᠭᠠᠯᠲᠠ ᠊ᠳᠤ ᠬᠠᠮᠤᠷᠤᠭᠳᠠᠵᠤ᠂ ᠬᠠᠨᠵᠢᠤ ᠬᠢᠯᠢ ᠳᠠᠮᠨᠠᠭᠰᠠᠨ ᠴᠠᠬᠢᠮ ᠬᠤᠳᠠᠯᠳᠤᠭᠠᠨ ᠊ᠤ ᠲᠤᠰᠬᠠᠢ ᠪᠦᠰᠡ᠂ Freshippo ᠬᠢᠮᠡᠯ ᠣᠶᠤᠨ ᠤᠬᠠᠭᠠᠨ ᠊ᠳᠤ ᠰᠠᠭᠤᠷᠢᠯᠠᠭᠰᠠᠨ᠂ ᠪᠥᠷᠢᠨ ᠠᠦ᠋ᠲ᠋ᠣᠮᠠᠲᠵᠢᠭᠰᠠᠨ ᠰᠤᠫᠧᠷᠮᠠᠷᠺᠧᠲ᠂ Alibaba ᠍ ᠊ᠢᠢᠨ ᠣᠯᠠᠨ ᠤᠯᠤᠰ ᠤᠨ ᠴᠠᠬᠢᠮ ᠬᠤᠳᠠᠯᠳᠤᠭᠠᠨ ᠊ᠤ ᠤᠬᠠᠭᠠᠯᠢᠭ ᠠᠭᠤᠯᠬᠤ Cainiao ᠵᠡᠷᠭᠡ ᠪᠠᠶᠢᠭᠤᠯᠤᠯᠭ᠎ᠠ ᠨᠤᠭᠤᠳ ᠊ᠢᠢᠠᠷ ᠵᠣᠴᠢᠯᠠᠵᠤ᠂ ᠲᠤᠷᠰᠢᠯᠭ᠎ᠠ ᠰᠤᠳᠤᠯᠤᠯ᠎ᠠ᠃

ᠮᠥᠨ ᠲᠥᠯᠦᠭᠡᠯᠡᠭᠴᠢᠳ ᠴᠠᠬᠢᠮ ᠬᠤᠳᠠᠯᠳᠤᠭᠠᠨ ᠊ᠤ ᠡᠺᠣᠰᠢᠰᠲ᠋ᠧᠮ ᠊ᠳᠦ ᠣᠷᠣᠯᠴᠠᠭᠴᠢ ᠘᠐᠐ ᠣᠷᠴᠢᠮ ᠺᠣᠮᠫᠠᠨᠢ ᠨᠤᠭᠤᠳ ᠦᠵᠡᠰᠬᠦᠯᠡᠩ ᠭᠠᠷᠭᠠᠵᠤ᠂ ᠕᠐᠂᠐᠐᠐ ᠣᠷᠴᠢᠮ ᠵᠣᠴᠢᠳ ᠴᠤᠭᠯᠠᠭᠰᠠᠨ Global Digital Trade Expo ᠍ ᠊ᠳᠤ ᠣᠷᠣᠯᠴᠠᠵᠤ᠂ ᠬᠠᠮᠲᠤ ᠊ᠢᠢᠨ ᠠᠵᠢᠯᠯᠠᠭᠠᠨ ᠊ᠤ ᠰᠠᠨᠠᠯ ᠰᠣᠯᠢᠯᠴᠠᠵᠤ ᠪᠠᠶᠢᠨ᠎ᠠ. CAREC International Innovation Conference ᠦᠶ᠎ᠡ ᠪᠡᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠪ ∙ ᠲᠡᠮᠡᠦᠯᠦᠨ ᠮᠣᠩᠭᠣᠯ ᠤᠯᠤᠰ ᠲᠤ ᠴᠠᠬᠢᠮ ᠡᠳ᠋ ᠍ ᠊ᠢᠢᠨ ᠵᠠᠰᠠᠭ ᠬᠥᠭᠵᠢᠭᠦᠯᠬᠦ 《Mining to Mind ᠰᠲᠷᠠᠲ᠋ᠧᠭᠢ ᠪᠣᠯᠤᠨ ᠪᠦᠰᠡ ᠨᠤᠲᠤᠭ ᠤᠨ ᠬᠠᠮᠲᠤ ᠊ᠢᠢᠨ ᠠᠵᠢᠯᠯᠠᠭᠠᠨ ᠊ᠤ ᠪᠣᠯᠤᠮᠵᠢ》 ᠲᠠᠨᠢᠯᠴᠠᠭᠤᠯᠵᠤ᠂ Gobi᠂ Airee ᠵᠡᠷᠭᠡ ᠪᠠᠶᠢᠭᠤᠯᠤᠯᠭ᠎ᠠ ᠨᠤᠭᠤᠳ ᠥᠪᠡᠷᠰᠡᠳ ᠤᠨ ᠪᠦᠲᠦᠭᠡᠭᠳᠡᠬᠦᠨ ᠦᠢᠯᠡᠴᠢᠯᠡᠭᠡ ᠊ᠢ ᠲᠠᠨᠢᠯᠴᠠᠭᠤᠯᠵᠤ ᠣᠷᠣᠯᠴᠠᠯ᠎ᠠ᠃

ᠠᠶᠢᠯᠴᠢᠯᠠᠯ ᠤᠨ ᠦᠷ᠎ᠡ ᠳᠦᠩ ᠊ᠳᠦ ᠮᠣᠩᠭᠣᠯ ᠤᠯᠤᠰ ᠤᠨ ᠴᠠᠬᠢᠮ ᠬᠤᠳᠠᠯᠳᠤᠭᠠᠨ ᠊ᠤ ᠡᠺᠣᠰᠢᠰᠲ᠋ᠧᠮ ᠪᠦᠷᠢᠳᠦᠭᠦᠯᠬᠦ᠂ ᠣᠯᠠᠨ ᠤᠯᠤᠰ ᠲᠤ ᠪᠦᠲᠦᠭᠡᠭᠳᠡᠬᠦᠨ ᠦᠢᠯᠡᠴᠢᠯᠡᠭᠡ ᠪᠡᠨ ᠨᠡᠶᠢᠯᠡᠭᠦᠯᠵᠦ᠂ ᠢᠮᠫᠣᠷᠲ ᠤᠨ ᠵᠠᠷᠤᠳᠠᠯ ᠢ ᠪᠠᠭᠤᠷᠠᠭᠤᠯᠬᠤ ᠴᠢᠭᠯᠡᠯ ᠊ᠢᠢᠡᠷ ᠲᠥᠯᠥᠭᠡᠯᠡᠭᠴᠢᠳ ᠮᠡᠳᠡᠯᠭᠡ ᠲᠤᠷᠰᠢᠯᠭ᠎ᠠ ᠰᠣᠯᠢᠯᠴᠠᠵᠤ᠂ ᠬᠠᠮᠲᠤᠷᠠᠵᠤ ᠠᠵᠢᠯᠯᠠᠬᠤ ᠪᠠᠨ ᠢᠯᠡᠷᠬᠡᠶᠢᠯᠡᠯ᠎ᠡ᠃ ᠮᠥᠨ ᠲᠡᠭᠦᠨᠴᠢᠯᠡᠨ ᠣᠷᠣᠯᠴᠠᠭᠰᠠᠨ ᠬᠤᠪ ᠤᠨ ᠬᠡᠪᠰᠢᠯ ᠤᠨ ᠪᠠᠶᠢᠭᠤᠯᠤᠯᠭ᠎ᠠ ᠨᠤᠭᠤᠳ ᠭᠠᠳᠠᠨ ᠊ᠤ ᠲᠦᠩᠰᠢ᠂ ᠬᠥᠷᠥᠩᠭᠡ ᠣᠷᠣᠭᠤᠯᠤᠭᠴᠢᠳ ᠲᠠᠢ ᠬᠠᠮᠲᠤ ᠊ᠢᠢᠨ ᠠᠵᠢᠯᠯᠠᠭᠠᠨ ᠊ᠤ ᠶᠠᠷᠢᠶ᠎ᠠ ᠬᠡᠯᠡᠴᠡᠯ ᠡᠬᠢᠯᠡᠭᠦᠯᠦᠯ᠎ᠡ᠃

ᠨᠡᠶᠢᠲᠡᠯᠡᠭᠰᠡᠨ᠄