ᠢᠷᠡᠬᠦ ᠵᠢᠯ ᠮᠣᠩᠭᠣᠯ ᠤᠯᠤᠰ ᠲᠤ ᠠᠽᠢᠶ᠎ᠠ ᠊ᠢᠢᠨ ᠰᠢᠨᠵᠢᠯᠡᠬᠦ ᠤᠬᠠᠭᠠᠨ᠂ ᠲᠧᠭᠨᠣᠯᠣᠭᠢ ᠊ᠢᠢᠨ ᠫᠠᠷᠺ ᠤᠳ ᠤᠨ ᠬᠣᠷᠢᠨ ᠳᠣᠯᠣᠭ᠎ᠠ ᠳ᠋ᠤᠭᠠᠷ ᠴᠢᠭᠤᠯᠭ᠎ᠠ ᠠᠭᠤᠯᠵᠠᠯᠲᠠ ᠪᠣᠯᠤᠨ᠎ᠠ


ᠠᠽᠢᠶ᠎ᠠ ᠊ᠢᠢᠨ ᠰᠢᠨᠵᠢᠯᠡᠬᠦ ᠤᠬᠠᠭᠠᠨ ᠊ᠤ ᠫᠠᠷᠺ ᠤᠨ ᠬᠣᠯᠪᠣᠭ᠎ᠠ (ASPA) ᠍ ᠊ᠤ ᠒᠐᠒᠓ ᠣᠨ ᠊ᠤ ᠬᠣᠷᠢᠨ ᠵᠢᠷᠭᠤᠭ᠎ᠠ ᠳ᠋ᠤᠭᠠᠷ ᠴᠢᠭᠤᠯᠭ᠎ᠠ ᠠᠭᠤᠯᠵᠠᠯᠲᠠ ᠪᠦ᠊ ᠨᠠ᠊ ᠲᠠ᠊ ᠤ᠊- ᠤᠨ ᠰᠲᠠᠨᠪᠤᠯ ᠬᠣᠲᠣᠩ ᠊ᠢᠢᠠᠨ ᠑᠑ ᠰᠠᠷ᠎ᠠ ᠊ᠢᠢᠨ ᠑᠕ ᠍ ᠊ᠳᠦ ᠠᠮᠵᠢᠯᠲᠠ ᠲᠠᠢ ᠪᠣᠯᠵᠤ ᠥᠨᠳᠥᠷᠯᠡᠯ᠎ᠡ᠃ ᠠᠭᠤᠯᠵᠠᠯᠲᠠ ᠪᠠᠷ ᠒᠐ ᠭᠠᠷᠤᠢ ᠠᠽᠢᠶ᠎ᠠ ᠊ᠢᠢᠨ ᠤᠯᠤᠰ ᠣᠷᠣᠨ ᠨᠤᠭᠤᠳ ᠤᠨ ᠓᠐᠐ ᠭᠠᠷᠤᠢ ᠰᠢᠨᠵᠢᠯᠡᠬᠦ ᠤᠬᠠᠭᠠᠨ ᠊ᠤ ᠫᠠᠷᠺ᠂ ᠮᠡᠳᠡᠭᠡᠯᠡᠯ ᠤᠨ ᠲᠧᠭᠨᠣᠯᠣᠭᠢ ᠊ᠢᠢᠨ ᠫᠠᠷᠺ ᠤᠨ ᠤᠳᠤᠷᠢᠳᠤᠯᠭ᠎ᠠ ᠨᠤᠭᠤᠳ ᠴᠤᠭᠯᠠᠷᠠᠵᠤ ᠢᠯᠡᠳᠬᠡᠯ᠂ ᠬᠡᠯᠡᠯᠴᠡᠭᠦᠯᠭᠡ ᠨᠦᠭᠦᠳ ᠥᠷᠨᠢᠭᠦᠯᠦᠭᠰᠡᠨ ᠪᠠᠶᠢᠨ᠎ᠠ᠃

ᠡᠨᠡ ᠵᠢᠯ ᠮᠠᠨ ᠊ᠤ ᠤᠯᠤᠰ ᠡᠴᠠ ᠪᠣ᠊ ᠱᠢ᠊ ᠤ᠊᠎ ᠎ᠶᠠ᠊- ᠍᠊ᠤ ᠰᠢᠨᠵᠢᠯᠡᠬᠦ ᠤᠬᠠᠭᠠᠨ᠂ ᠲᠧᠭᠨᠣᠯᠣᠭᠢ᠂ ᠢᠨᠨᠣᠸᠠᠼ ᠤᠨ ᠪᠣᠳᠣᠯᠭ᠎ᠠ᠂ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭ᠎ᠠ᠂ ᠳ᠋ᠣᠺᠲ᠋ᠣᠷ ᠳ ∙ ᠪᠠᠲᠤᠳᠤᠭᠲᠤᠬᠤ᠂ ᠮᠡᠳᠡᠭᠡᠯᠡᠯ ᠲᠧᠭᠨᠣᠯᠣᠭᠢ ᠊ᠢᠢᠨ ᠦᠨᠳᠦᠰᠦᠨ ᠊ᠤ ᠫᠠᠷᠺ ᠤᠨ ᠵᠠᠬᠢᠷᠤᠯ ᠵ ∙ ᠵᠣᠯᠵᠠᠶᠠ᠂ ᠪᠣ᠊ ᠱᠢ᠊ ᠤ᠊ ᠎ᠶᠠ-᠊ᠤ ᠰᠢᠨᠵᠢᠯᠡᠬᠦ ᠤᠬᠠᠭᠠᠨ ᠊ᠤ ᠫᠠᠷᠺ ᠤᠨ ᠭᠦᠢᠴᠡᠳᠭᠡᠬᠦ ᠵᠠᠬᠢᠷᠤᠯ᠂ ᠳ᠋ᠣᠺᠲ᠋ᠣᠷ ᠪ ∙ ᠠᠮᠤᠷᠰᠠᠨᠠᠭ᠎ᠠ ᠪᠠᠨ᠂ ᠰᠢᠨᠵᠢᠯᠡᠬᠦ ᠤᠬᠠᠭᠠᠨ ᠲᠧᠭᠨᠣᠯᠣᠭᠢ ᠊ᠢᠢᠨ ᠰᠠᠩ ᠤᠨ ᠵᠠᠬᠢᠷᠤᠯ ᠳ ∙ ᠣᠳᠡᠭᠡᠷᠡᠯ ᠨᠠᠷᠠ ᠪᠣᠯᠤᠨ ᠰᠠᠯᠪᠤᠷᠢ ᠊ᠢᠢᠨ ᠲᠥᠯᠥᠭᠡᠯᠡᠯ ᠪᠦᠬᠦᠢ ᠨᠡᠶᠢᠲᠡ ᠑᠒ ᠬᠦᠮᠦᠨ ᠪᠦ᠊ ᠨᠠ᠊ ᠲᠠ᠊ ᠤ᠊ ᠤᠯᠤᠰ ᠢ ᠵᠣᠷᠢᠨ ᠲᠤᠰ ᠴᠢᠭᠤᠯᠭ᠎ᠠ ᠠᠭᠤᠯᠵᠠᠯᠲᠠ ᠊ᠳᠤ ᠤᠷᠤᠯᠴᠠᠪᠠ᠃

ᠡᠨᠡ ᠤᠳᠠᠭ᠎ᠠ ᠊ᠢᠢᠨ ᠴᠢᠭᠤᠯᠭ᠎ᠠ ᠠᠭᠤᠯᠵᠠᠯᠲᠠ ᠲᠣᠷᠭᠠᠨ ᠊ᠤ ᠵᠠᠮ ᠳᠠᠭᠠᠭᠤᠬᠢ ᠤᠯᠤᠰ ᠣᠷᠣᠨ ᠨᠤᠭᠤᠳ ᠤᠨ ᠬᠠᠮᠲᠤ ᠊ᠢᠢᠨ ᠠᠵᠢᠯᠯᠠᠭ᠎ᠠ ᠊ᠢᠢ ᠢᠳᠡᠪᠬᠢᠵᠢᠭᠦᠯᠬᠦ᠂ ᠥᠷᠨᠢᠭᠦᠯᠬᠦ ᠤᠷᠢᠶ᠎ᠠ ᠲᠠᠢ ᠪᠠᠷ ᠵᠣᠬᠢᠶᠠᠨ ᠪᠠᠶᠢᠭᠤᠯᠤᠭᠳᠠᠭᠰᠠᠨ ᠪᠥᠭᠡᠳ ᠰᠢᠨᠵᠢᠯᠡᠬᠦ ᠤᠬᠠᠭᠠᠨ ᠊ᠤ ᠫᠠᠷᠺ ᠤᠳ ᠬᠣᠭᠣᠷᠣᠨᠳᠣ ᠪᠠᠨ ᠬᠡᠷᠬᠢᠨ ᠬᠠᠮᠲᠤᠷᠠᠵᠤ ᠠᠵᠢᠯᠯᠠᠬᠤ᠂ ᠰᠠᠩᠬᠦᠵᠢᠯᠲᠡ ᠊ᠢᠢ ᠣᠯᠠᠨ ᠨᠡᠶᠢᠲᠡ ᠡᠴᠡ ᠪᠣᠯᠤᠨ ᠲᠥᠷᠥ ᠊ᠢᠢᠨ ᠵᠦᠭ ᠡᠴᠡ ᠬᠡᠷᠬᠢᠨ ᠰᠢ ᠳᠦ ᠬᠢ᠂ ᠲᠡᠭᠦᠨ ᠢ ᠪᠡᠨ ᠬᠡᠷᠬᠢᠨ ᠦᠷ᠎ᠡ ᠳᠦᠩ ᠲᠡᠢ ᠵᠠᠷᠤᠴᠠᠭᠤᠯᠬᠤ᠂ ᠭᠠᠷᠠᠭᠠᠨ ᠊ᠤ ᠺᠣᠮᠫᠠᠨᠢ ᠨᠤᠭᠤᠳ ᠢ ᠶᠠᠵ ᠳᠡᠮᠵᠢᠬᠦ ᠲᠠᠯ᠎ᠠ ᠪᠠᠷ ᠲᠤᠷᠰᠢᠯᠭ᠎ᠠ ᠰᠣᠯᠢᠯᠴᠠᠨ᠂ ᠴᠢᠨᠠᠭᠰᠢᠳᠠ ᠬᠡᠷᠡᠭᠵᠢᠭᠦᠯᠬᠦ ᠠᠵᠢᠯ ᠤᠨ ᠰᠠᠨᠠᠯ ᠤᠳ ᠵᠡᠷᠭᠡ ᠊ᠢᠢ ᠶᠠᠷᠢᠯᠴᠠᠭᠰᠠᠨ ᠦᠷ᠎ᠡ ᠳᠦᠩ ᠲᠡᠢ ᠠᠭᠤᠯᠵᠠᠯᠲᠠ ᠪᠣᠯᠤᠯ᠎ᠠ ᠭᠡᠵᠦ ᠣᠷᠣᠯᠴᠠᠭᠴᠢᠳ ᠳᠦᠲᠦᠨᠡᠪᠡ᠃

ᠲᠡᠭᠦᠨᠴᠢᠯᠡᠨ ᠢᠷᠡᠬᠦ ᠵᠢᠯ ᠲᠤᠰ ᠴᠢᠭᠤᠯᠭ᠎ᠠ ᠠᠭᠤᠯᠵᠠᠯᠲᠠ ᠊ᠢᠢ ᠮᠣᠩᠭᠣᠯ ᠤᠯᠤᠰ ᠲᠤ ᠵᠣᠬᠢᠶᠠᠨ ᠪᠠᠶᠢᠭᠤᠯᠬᠤ ᠡᠷᠬᠡ ᠊ᠢᠢ ᠮᠠᠨ ᠊ᠤ ᠤᠯᠤᠰ ᠤᠨ ᠪᠠᠭ ᠪᠦᠷᠢᠯᠳᠦᠬᠦᠨ ᠠᠯᠪᠠᠨ ᠶᠣᠰᠣᠭᠠᠷ ᠬᠦᠯᠢᠶᠡᠨ ᠠᠪᠴᠤ ᠤᠯᠤᠰ ᠣᠷᠣᠨ ᠊ᠢᠢᠠᠨ ᠰᠤᠷᠲᠠᠯᠴᠢᠯᠠᠵᠤ᠂ ᠲᠠᠨᠢᠯᠴᠠᠭᠤᠯᠭ᠎ᠠ ᠪᠠᠨ ᠠᠮᠵᠢᠯᠲᠠ ᠲᠠᠢ ᠬᠦᠷᠭᠡᠯᠡᠭᠡ᠃ ᠢᠷᠡᠬᠦ ᠵᠢᠯ ᠤᠨ ASPA ᠒᠗ ᠴᠢᠭᠤᠯᠭ᠎ᠠ ᠠᠭᠤᠯᠵᠠᠯᠲᠠ ᠮᠣᠩᠭᠣᠯ ᠤᠯᠤᠰ ᠲᠤ ᠨᠠᠶᠢᠮᠠ ᠳ᠋ᠤᠭᠠᠷ ᠰᠠᠷ᠎ᠠ ᠳᠤ ᠵᠣᠬᠢᠶᠠᠨ ᠪᠠᠶᠢᠭᠤᠯᠤᠭᠳᠠᠬᠤ ᠪᠠᠷ ᠲᠣᠪᠯᠠᠭᠳᠠᠯ᠎ᠠ᠃

ᠨᠡᠶᠢᠲᠡᠯᠡᠭᠰᠡᠨ᠄