ᠲᠥᠷᠥ ᠊ᠢᠢᠨ ᠴᠠᠬᠢᠮ ᠦᠢᠯᠡᠴᠢᠯᠡᠭᠡ ᠊ᠢᠢ ᠢᠷᠭᠡᠨ ᠲᠠᠨ ᠊ᠳᠤ ᠬᠠᠮᠢᠭ᠎ᠠ ᠡᠴᠠ ᠊ᠼᠤ ᠣᠶᠢᠷ᠎ᠠ᠂ ᠬᠤᠷᠳᠤᠨ ᠰᠢᠭᠤᠷᠬᠠᠢ ᠬᠦᠷᠭᠡᠬᠦ 《ᠬᠤᠷᠳᠤᠨ》ᠴᠡᠭ ᠬᠢᠯᠢ ᠊ᠢᠢᠨ ᠴᠢᠨᠠᠳᠤ ᠊ᠳᠤ ᠰᠤᠷᠴᠤ᠂ ᠠᠵᠢᠯᠯᠠᠵᠤ᠂ ᠠᠮᠢᠳᠤᠷᠠᠵᠤ ᠪᠤᠢ ᠮᠣᠩᠭᠣᠯᠴᠤᠳ ᠲᠤ ᠪᠠᠨ ᠪᠢᠳᠡ ᠦᠶ᠎ᠡ ᠱᠠᠲᠤ ᠲᠠᠢ ᠨᠡᠪᠲᠡᠷᠡᠭᠦᠯᠦᠨ ᠠᠵᠢᠯᠯᠠᠵᠤ ᠪᠠᠶᠢᠨ᠎ᠠ᠃
ᠡᠨᠡ ᠬᠦᠷᠢᠶᠡᠨ ᠊ᠳᠦ ᠪᠦᠭᠦᠳᠡ ᠨᠠᠶᠢᠷᠠᠮᠳᠠᠬᠤ ᠲᠦᠺ ᠤᠯᠤᠰ ᠤᠨ ᠢᠰᠲᠠᠨᠪᠤᠯ ᠬᠣᠲᠠ ᠳ᠋ᠠᠬᠢ ᠶᠡᠷᠦᠩᠬᠡᠢ ᠺᠣᠨᠰᠤᠶᠢᠯ ᠤᠨ ᠭᠠᠵᠠᠷ ᠪᠣᠯᠤᠨ ᠮᠣᠩᠭᠣᠯ ᠤᠯᠤᠰ ᠡᠴᠠ ᠠᠨᠺᠠᠷᠠ ᠬᠣᠲᠠᠳ ᠰᠠᠭᠤᠭ᠎ᠠ ᠡᠯᠴᠢᠨ ᠰᠠᠶᠢᠳ ᠤᠨ ᠶᠠᠮᠤᠨ ᠊ᠳᠤ ᠲᠥᠷᠦ ᠊ᠢᠢᠨ ᠴᠠᠬᠢᠮ ᠦᠢᠯᠡᠴᠢᠯᠡᠭᠡᠨ ᠊ᠤ 《ᠬᠤᠷᠳᠤᠨ》 ᠴᠡᠭ ᠤᠨ ᠦᠢᠯᠡ ᠠᠵᠢᠯᠯᠠᠭ᠎ᠠ ᠊ᠢᠢ ᠨᠡᠪᠲᠡᠷᠡᠭᠦᠯᠦᠯ᠎ᠡ᠃

ᠢᠩᠭᠢᠭᠰᠡᠨ ᠊ᠢᠢᠡᠷ ᠪᠦᠭᠦᠳᠡ ᠨᠠᠶᠢᠷᠠᠮᠳᠠᠬᠤ ᠲᠦᠺ ᠤᠯᠤᠰ ᠲᠤ ᠰᠤᠷᠴᠤ᠂ ᠠᠵᠢᠯᠯᠠᠵᠤ᠂ ᠠᠮᠢᠳᠤᠷᠠᠵᠤ ᠪᠤᠢ ᠖ ᠮᠢᠩᠭ᠎ᠠ ᠭᠠᠷᠤᠢ ᠮᠣᠩᠭᠣᠯ ᠤᠯᠤᠰ ᠤᠨ ᠢᠷᠭᠡᠨ ᠲᠥᠷᠦ ᠊ᠢᠢᠨ ᠓᠙ ᠪᠠᠶᠢᠭᠤᠯᠤᠯᠭ᠎ᠠ ᠊ᠢᠢᠨ ᠔᠖᠑ ᠲᠥᠷᠦᠯ ᠤᠨ ᠦᠢᠯᠡᠴᠢᠯᠡᠭᠡ᠂ ᠡᠭᠦᠨ ᠡᠴᠡ ᠙᠔ ᠲᠥᠷᠦᠯ ᠤᠨ ᠯᠠᠪᠯᠠᠭᠠᠭ᠎ᠠ᠂ ᠲᠣᠳᠣᠷᠬᠠᠶᠢᠯᠠᠯᠲᠠ ᠊ᠢᠢ ᠦᠨ᠎ᠡ ᠲᠥᠯᠦᠪᠦᠷᠢ ᠦᠭᠡᠢ᠂ ᠬᠠᠮᠢᠭ᠎ᠠ ᠡᠴᠠ ᠴᠤ ᠣᠶᠢᠷ᠎ᠠ᠂ ᠬᠦᠨᠳᠦᠷᠡᠯ ᠴᠢᠷᠭᠳᠡᠯ ᠦᠭᠡᠢ᠂ ᠬᠤᠷᠳᠤᠨ ᠰᠢᠭᠤᠷᠬᠠᠢ ᠠᠪᠬᠤ ᠪᠣᠯᠤᠮᠵᠢ ᠪᠦᠷᠢᠳᠴᠦ ᠪᠠᠶᠢᠨ᠎ᠠ᠃
ᠪᠢᠳᠡ ᠴᠢᠨᠠᠭᠰᠢᠳᠠ ᠦᠢᠯᠡᠴᠢᠯᠡᠭᠡᠨ ᠊ᠤ ᠲᠥᠷᠥᠯ᠂ ᠲᠣᠭ᠎ᠠ ᠊ᠢᠢ ᠨᠡᠮᠡᠭᠳᠡᠭᠦᠯᠵᠦ᠂ ᠒᠐᠒᠓ ᠣᠨ ᠭᠡᠬᠦ ᠳᠦ ᠕᠕ ᠪᠠᠶᠢᠭᠤᠯᠤᠯᠭ᠎ᠠ ᠊ᠢᠢᠨ ᠘᠐᠐ ᠣᠷᠴᠢᠮ ᠦᠢᠯᠡᠴᠢᠯᠡᠭᠡ ᠊ᠢᠢ ᠲᠥᠷᠥ ᠊ᠢᠢᠨ ᠴᠠᠬᠢᠮ ᠦᠢᠯᠡᠴᠢᠯᠡᠭᠡᠨ ᠊ᠤ 《ᠬᠤᠷᠳᠤᠨ》 ᠴᠡᠭ ᠊ᠢᠢᠡᠷ ᠳᠠᠮᠵᠢᠭᠤᠯᠤᠨ ᠬᠦᠷᠭᠡᠬᠦ ᠪᠠ ᠴᠢᠨᠠᠭᠰᠢᠳᠠ ᠓᠐ ᠭᠠᠷᠤᠢ ᠳ᠋ᠢᠫᠯᠣᠮᠠᠲ ᠲᠥᠯᠥᠭᠡᠯᠡᠭᠴᠢ ᠊ᠢᠢᠨ ᠭᠠᠵᠠᠷ ᠊ᠢᠢᠠᠷ ᠳᠠᠮᠵᠢᠭᠤᠯᠤᠨ ᠲᠥᠷᠥ ᠊ᠢᠢᠨ ᠦᠢᠯᠡᠴᠢᠯᠡᠭᠡ ᠊ᠢᠢ ᠭᠠᠳᠠᠭᠠᠳᠤ ᠤᠯᠤᠰ ᠲᠤ ᠪᠠᠶᠢᠭ᠎ᠠ ᠢᠷᠭᠡᠳ ᠲᠦ ᠪᠡᠨ ᠬᠦᠷᠭᠡᠬᠦ ᠪᠡᠷ ᠲᠥᠯᠥᠪᠯᠡᠨ ᠠᠵᠢᠯᠯᠠᠵᠤ ᠪᠠᠶᠢᠨ᠎ᠠ᠃

ᠥᠨᠥᠳᠥᠷ ᠤᠨ ᠪᠠᠶᠢᠳᠠᠯ ᠊ᠢᠢᠠᠷ ᠲᠥᠷᠥ ᠊ᠢᠢᠨ ᠴᠠᠬᠢᠮ ᠦᠢᠯᠡᠴᠢᠯᠡᠭᠡᠨ ᠊ᠤ《ᠬᠤᠷᠳᠤᠨ》 ᠴᠡᠭ ᠊ᠢ ᠮᠣᠩᠭᠣᠯ ᠤᠯᠤᠰ ᠤᠨ ᠬᠡᠮᠵᠢᠶᠡᠨ ᠊ᠳᠦ ᠑᠒᠖ ᠴᠡᠭ ᠲᠦ ᠨᠡᠭᠡᠭᠡᠭᠰᠡᠨ ᠪᠣᠯ ᠡᠨᠡᠬᠦ ᠒ ᠴᠡᠭ ᠦᠢᠯᠡ ᠠᠵᠢᠯᠯᠠᠭ᠎ᠠ ᠊ᠢᠢ ᠪᠠᠨ ᠡᠬᠢᠯᠡᠭᠦᠯᠦᠭᠰᠡᠨ ᠊ᠢᠢᠡᠷ ᠬᠢᠯᠢ ᠊ᠢᠢᠨ ᠴᠢᠨᠠᠳᠤ ᠊ᠳᠤ ᠨᠡᠭᠡᠭᠡᠭᠰᠡᠨ ᠑᠔ ᠳᠠᠬᠢ ᠤᠯᠤᠰ ᠤᠨ ᠑᠘ ᠳᠠᠬᠢ ᠴᠡᠭ ᠪᠣᠯᠵᠤ ᠪᠠᠶᠢᠨ᠎ᠠ᠃
ᠲᠥᠷᠥ ᠊ᠢᠢᠨ ᠴᠠᠬᠢᠮ ᠦᠢᠯᠡᠴᠢᠯᠡᠭᠡ ᠬᠠᠮᠢᠭ᠎ᠠ ᠡᠴᠠ ᠴᠤ ᠣᠶᠢᠷ᠎ᠠ ᠬᠤᠷᠳᠤᠨ.᠃