《Ekids》 ᠰᠢᠢᠳᠦᠯ ᠠᠰᠢᠭᠯᠠᠯᠲᠠ ᠊ᠳᠤ ᠣᠷᠣᠯ᠎ᠠ


ᠥᠩᠭᠡᠷᠡᠭᠰᠡᠨ ᠬᠤᠭᠤᠴᠠᠭᠠᠨ ᠊ᠳᠤ ᠬᠡᠦᠬᠡᠳ ᠤᠨ ᠡᠰᠡᠷᠡᠭ ᠡᠭᠦᠰᠦᠭᠰᠡᠨ ᠡᠷᠦᠰᠳᠡᠯ ᠊ᠳᠦ ᠨᠥᠬᠥᠴᠡᠯ ᠪᠠᠶᠢᠳᠠᠯ ᠤᠳ ᠡᠴᠠ ᠰᠤᠷᠭᠠᠮᠵᠢ ᠠᠪᠴᠤ᠂ ᠴᠢᠨᠠᠭᠰᠢᠳᠠ ᠡᠨᠡ ᠪᠠᠶᠢᠳᠠᠯ ᠳᠠᠪᠲᠠᠭᠳᠠᠬᠤ ᠦᠭᠡᠢ᠂ ᠳᠠᠭᠠᠭᠠᠮᠵᠢᠷᠠᠬᠤ ᠦᠭᠡᠢ ᠪᠠᠶᠢᠬᠤ ᠨᠥᠬᠥᠴᠡᠯ ᠢ ᠪᠦᠷᠢᠳᠦᠭᠦᠯᠬᠦ ᠵᠣᠷᠢᠯᠭ᠎ᠠ ᠪᠠᠷ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠬᠢᠨ ᠬᠠᠮᠲᠤᠷᠠᠨ ᠠᠵᠢᠯᠯᠠᠵᠤ ᠪᠠᠶᠢᠨ᠎ᠠ᠃

ᠲᠧᠭᠨᠣᠯᠣᠭᠢ ᠬᠡᠦᠬᠡᠳ ᠲᠦ ᠡᠭᠡᠯᠢᠲᠡᠢ ᠪᠠᠶᠢᠬᠤ ᠶᠣᠰᠣᠲᠠᠢ᠃ ᠡᠨᠡ ᠴᠤ ᠡᠭᠦᠳᠡᠨ ᠡᠴᠡ ᠥᠩᠭᠡᠷᠡᠭᠴᠢ ᠳᠣᠯᠣᠭ᠎ᠠ ᠬᠣᠨᠣᠭ ᠲᠤ ᠬᠡᠦᠬᠡᠳ ᠬᠠᠮᠠᠭᠠᠯᠠᠯ ᠤᠨ ᠴᠢᠭᠯᠡᠯ ᠊ᠳᠦ 《Ekids》 ᠰᠢᠢᠳᠦᠯ ᠊ᠢ ᠪᠦᠲᠦᠭᠡᠵᠦ᠂ ᠡᠴᠢᠭᠡ ᠡᠬᠡᠴᠦᠳ ᠲᠦ ᠦᠷ᠎ᠡ ᠬᠡᠦᠬᠡᠳ ᠊ᠢᠢᠡᠨ ᠬᠢᠨᠠᠬᠤ᠂ ᠬᠥᠳᠡᠯᠭᠡᠭᠡᠨ᠂ ᠪᠠᠶᠢᠷᠢᠰᠢᠯ ᠢ ᠨᠢ ᠲᠣᠳᠣᠷᠬᠠᠶᠢᠯᠠᠬᠤ᠂ ᠶᠠᠭᠠᠷᠠᠯᠲᠠᠢ ᠦᠶ᠎ᠡ ᠊ᠳᠦ SOS ᠳᠠᠭᠤᠳᠠᠯᠭ᠎ᠠ ᠳᠣᠬᠢᠶ᠎ᠠ ᠢᠯᠡᠭᠡᠬᠦ᠂ ᠮᠡᠳᠡᠭᠡᠯᠡᠯ ᠰᠤᠯᠢᠯᠴᠠᠬᠤ᠂ ᠬᠡᠦᠬᠡᠳ ᠬᠠᠮᠠᠭᠠᠯᠠᠯ ᠤᠨ ᠴᠢᠭᠯᠡᠯ ᠊ᠳᠦ ᠤᠷᠢᠳᠴᠢᠯᠠᠨ ᠰᠡᠷᠭᠡᠶᠢᠯᠡᠬᠦ ᠮᠡᠳᠡᠭᠡ᠂ ᠮᠡᠳᠡᠭᠡᠯᠡᠯ ᠲᠦᠭᠡᠭᠡᠬᠦ ᠪᠣᠯᠤᠮᠵᠢ ᠪᠦᠷᠢᠳᠦᠭᠦᠯᠬᠦ ᠊ᠢ 《ᠢ-ᠮᠣᠩᠭᠣᠯ》 ᠠᠺᠠᠳᠧᠮᠢ ᠊ᠳᠤ ᠡᠭᠦᠷᠭᠡ ᠪᠣᠯᠭᠠᠭᠰᠠᠨ᠃

ᠮᠥᠨ ᠡᠭᠦᠷᠡᠨ ᠬᠣᠯᠪᠣᠭᠠᠨ ᠊ᠤ ᠣᠫᠧᠷᠠᠲ᠋ᠣᠷ ᠺᠣᠮᠫᠠᠨᠢ ᠨᠤᠭᠤᠳ ᠪᠤᠶᠤ ᠮᠣᠪᠢᠺᠣᠮ᠂ ᠰᠺᠠᠲ᠋ᠧᠯ᠂ ᠶᠨᠢᠲ᠋ᠧᠯ᠂ ᠵᠢ-ᠮᠣᠪᠠᠶᠢᠯ᠂ ᠣᠨᠳᠣ ᠺᠣᠮᠫᠠᠨᠢ ᠨᠤᠭᠤᠳ ᠲᠤ ᠬᠠᠨᠳᠤᠵᠤ 《E-Mongolia》 ᠪᠣᠯᠤᠨ 《Ekids》 ᠍ ᠲᠤ ᠨᠡᠪᠲᠡᠷᠡᠬᠦ ᠳᠦ ᠳᠠᠲ᠋ᠠ ᠣᠭᠲᠣ ᠱᠠᠭᠠᠷᠳᠠᠬᠤ ᠦᠭᠡᠢ ᠪᠡᠷ ᠪᠦᠬᠦ ᠬᠡᠷᠡᠭᠯᠡᠭᠴᠢ ᠠᠰᠢᠭᠯᠠᠬᠤ ᠪᠣᠯᠤᠮᠵᠢ ᠣᠯᠭᠤᠬᠤ ᠊ᠢᠢ ᠤᠷᠢᠶᠠᠯᠠᠭᠰᠠᠨ ᠪᠢᠯᠡ᠃

ᠡᠨᠡ ᠰᠠᠨᠠᠭᠠᠴᠢᠯᠠᠭ᠎ᠠ ᠨᠤᠭᠤᠳ ᠪᠡᠶᠡᠯᠡᠯ ᠊ᠢᠢᠡᠨ ᠣᠯᠵᠤ ᠬᠡᠦᠬᠡᠳ ᠬᠠᠮᠠᠭᠠᠯᠠᠯ ᠤᠨ 《Ekids》 ᠰᠢᠢᠳᠦᠯ ᠥᠨᠥᠳᠥᠷ ᠡᠴᠡ ᠠᠰᠢᠭᠯᠠᠯᠲᠠ ᠊ᠳᠤ ᠣᠷᠣᠵᠤ ᠪᠠᠶᠢᠨ᠎ᠠ. E-Mongolia ᠍ ᠳᠦ Ekids ᠴᠧᠰᠧ ᠨᠡᠮᠡᠭᠳᠡᠵᠦ ᠪᠠᠶᠢᠨ᠎ᠠ᠃ ᠮᠥᠨ ᠵᠥᠪᠬᠡᠨ ᠬᠡᠦᠬᠡᠳ ᠬᠠᠮᠠᠭᠠᠯᠠᠯ ᠤᠨ 《Ekids》 ᠰᠢᠢᠳᠦᠯ ᠲᠡᠳᠦᠢ ᠦᠭᠡᠢ 1.6 ᠰᠠᠶ᠎ᠠ ᠬᠡᠷᠡᠭᠯᠡᠭᠴᠢ ᠲᠡᠢ ᠲᠥᠷᠥ ᠊ᠢᠢᠨ ᠮᠡᠳᠡᠭᠡᠯᠡᠯ ᠰᠣᠯᠢᠯᠴᠠᠭᠠᠨ ᠊ᠤ E-Mongolia ᠠᠫᠫ ᠊ᠢ ᠳᠠᠲ᠋ᠠ ᠱᠠᠭᠠᠷᠳᠠᠬᠤ ᠦᠭᠡᠢ᠂ ᠦᠨ᠎ᠡ ᠲᠥᠯᠦᠪᠦᠷᠢ ᠦᠭᠡᠢ ᠬᠡᠷᠡᠭᠯᠡᠬᠦ ᠪᠣᠯᠤᠮᠵᠢ ᠊ᠢᠢ ᠡᠭᠦᠷᠡᠨ ᠬᠣᠯᠪᠣᠭᠠᠨ ᠊ᠤ ᠣᠫᠧᠷᠠᠲ᠋ᠣᠷ ᠺᠣᠮᠫᠠᠨᠢ ᠨᠤᠭᠤᠳ ᠬᠠᠮᠲᠤᠷᠠᠨ ᠣᠯᠭᠤᠵᠤ ᠪᠠᠶᠢᠨ᠎ᠠ᠃

ᠡᠨᠡ ᠬᠦᠷᠢᠶᠡᠨ ᠊ᠳᠦ ᠮᠣᠪᠢᠺᠣᠮ᠂ ᠰᠺᠠᠲ᠋ᠧᠯ᠂ ᠶᠨᠢᠲ᠋ᠧᠯ᠂ ᠵᠢ-ᠮᠣᠪᠠᠶᠢᠯ᠂ ᠣᠨᠳᠣ ᠺᠣᠮᠫᠠᠨᠢ ᠊ᠢᠢᠨ ᠤᠳᠤᠷᠢᠳᠤᠯᠭ᠎ᠠ ᠨᠤᠭᠤᠳ ᠪᠣᠯᠤᠨ ᠮᠢᠨᠤ ᠪᠡᠶ᠎ᠡ ᠨᠡᠶᠢᠭᠡᠮ ᠤᠨ ᠬᠠᠷᠢᠭᠤᠴᠠᠯᠭ᠎ᠠ ᠊ᠢᠢᠨ ᠬᠦᠷᠢᠶᠡᠨ ᠊ᠳᠦ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠯ᠎ᠠ᠃

ᠬᠡᠦᠬᠡᠳ ᠊ᠢ ᠡᠷᠦᠰᠳᠡᠯ ᠊ᠳᠦ ᠨᠥᠬᠥᠴᠡᠯ ᠳᠦ ᠣᠷᠣᠬᠤ ᠡᠴᠠ ᠤᠷᠢᠳᠴᠢᠯᠠᠨ ᠰᠡᠷᠭᠡᠶᠢᠯᠡᠬᠦ᠂ ᠡᠷᠦᠰᠳᠡᠯ ᠊ᠳᠦ ᠨᠥᠬᠥᠴᠡᠯ ᠊ᠳᠦ ᠪᠠᠶᠢᠭ᠎ᠠ ᠬᠡᠦᠬᠡᠳ ᠊ᠢ ᠬᠠᠮᠠᠭᠠᠯᠠᠬᠤ ᠲᠥᠷᠥ ᠊ᠢᠢᠨ ᠦᠢᠯᠡᠴᠢᠯᠡᠭᠡ ᠊ᠢ ᠰᠠᠶᠢᠵᠢᠷᠠᠭᠤᠯᠬᠤ᠂ ᠴᠠᠬᠢᠮ ᠤᠷᠴᠢᠨ ᠊ᠳᠤ ᠬᠡᠦᠬᠡᠳ ᠤᠨ ᠡᠷᠬᠡ ᠊ᠢ ᠬᠠᠮᠠᠭᠠᠯᠠᠬᠤ ᠵᠣᠷᠢᠯᠭ᠎ᠠ ᠪᠠᠷ ᠬᠠᠮᠲᠤᠷᠠᠵᠤ ᠠᠵᠢᠯᠯᠠᠬᠤ ᠪᠠᠷ ᠲᠣᠬᠢᠷᠠᠯᠴᠠᠯ᠎ᠠ᠃

ᠤᠷᠢᠳᠤ ᠨᠢ 《E-Mongolia》 ᠫᠯᠠᠲ᠋ᠹᠣᠷᠮ ᠊ᠢᠢᠠᠷ ᠵᠥᠪᠬᠡᠨ ᠨᠠᠰᠤᠨ ᠊ᠳᠤ ᠬᠦᠷᠡᠭᠴᠢ ᠊ᠳᠦ ᠦᠢᠯᠡᠴᠢᠯᠡᠭᠦᠯᠬᠦ ᠪᠣᠯᠤᠮᠵᠢ ᠲᠠᠢ ᠪᠠᠶᠢᠭᠰᠠᠨ ᠪᠣᠯ ᠣᠳᠣ 《Ekids》 ᠰᠢᠢᠳᠦᠯ ᠤᠨ ᠬᠦᠷᠢᠶᠡᠨ ᠊ᠳᠦ 0-᠑᠖ ᠨᠠᠰᠤᠨ ᠊ᠤ ᠬᠡᠦᠬᠡᠳ ᠨᠡᠪᠲᠡᠷᠡᠬᠦ ᠪᠣᠯᠤᠮᠵᠢ ᠲᠠᠢ ᠪᠣᠯᠤᠯ᠎ᠠ᠃ ᠲᠤᠰ ᠫᠯᠠᠲ᠋ᠹᠣᠷᠮ ᠤᠨ ᠨᠡᠪᠲᠡᠷᠡᠬᠦ ᠨᠢᠭᠤᠷᠠᠨ ᠊ᠳᠤ 《ᠬᠡᠦᠬᠡᠳ ᠊ᠢᠢᠡᠷ ᠨᠡᠪᠲᠡᠷᠡᠬᠦ》 ᠴᠣᠩᠬᠣ ᠨᠡᠮᠡᠭᠳᠡᠭᠰᠡᠨ᠃ ᠲᠡᠷᠬᠡᠦ ᠴᠣᠩᠬᠣ ᠪᠠᠷ ᠳᠠᠮᠵᠢᠨ ᠬᠡᠦᠬᠡᠳ ᠷᠧᠭᠢᠰᠲ᠋ᠧᠷ ᠤᠨ ᠳ᠋ᠤᠭ ᠊ᠢᠢᠠᠷ ᠢᠶᠠᠨ ᠣᠷᠣᠭᠤᠯᠬᠤ ᠳᠤ ᠭᠠᠷᠴᠤ ᠢᠷᠡᠬᠦ QR ᠺᠣᠳ᠋ ᠍ ᠢ ᠡᠴᠢᠭᠡ ᠡᠬᠡ ᠊ᠢᠢᠨ ᠬᠢ ᠨᠢ ᠠᠯᠢ ᠨᠢᠭᠡ ᠨᠢ ᠥᠪᠡᠷ ᠤᠨ ᠪᠦᠷᠢᠳᠬᠡᠯ ᠊ᠢᠢᠡᠷ E-Mongolia ᠍ ᠲᠤ ᠨᠡᠪᠲᠡᠷᠡᠨ ᠤᠩᠰᠢᠭᠤᠯᠬᠤ ᠶᠤᠮ᠃

ᠢᠩᠭᠢᠭᠰᠡᠨ ᠊ᠢᠢᠡᠷ ᠬᠡᠦᠬᠡᠳ ᠤᠳ ᠰᠤᠷᠭᠠᠭᠤᠯᠢᠳᠠᠭ᠎ᠠ ᠢᠷᠡᠭᠰᠡᠨ᠂ ᠭᠡᠷ ᠲᠦ ᠪᠡᠨ ᠬᠠᠷᠢᠭᠰᠠᠨ ᠦᠶᠡᠳᠡᠭᠡ ᠡᠵᠢ ᠠᠪᠤ ᠳᠤ ᠪᠠᠨ ᠮᠡᠳᠡᠭᠳᠡᠯ ᠶᠠᠪᠤᠭᠤᠯᠬᠤ ᠪᠣᠯᠤᠮᠵᠢ ᠲᠠᠢ ᠲᠡᠳᠦᠢ ᠦᠭᠡᠢ ᠥᠪᠡᠷ ᠤᠨ ᠪᠠᠶᠢᠭ᠎ᠠ ᠭᠠᠵᠠᠷ ᠤᠨ ᠊ᠢᠢᠠᠨ ᠓ ᠦᠭᠡ ᠳᠦ ᠬᠠᠶ᠋ᠢᠭ ᠢ ᠢᠯᠡᠭᠡᠬᠦ ᠪᠣᠯᠤᠮᠵᠢ ᠲᠠᠢ ᠪᠣᠯᠵᠤ ᠪᠠᠶᠢᠨ᠎ᠠ᠃

ᠮᠥᠨ ᠴᠠᠬᠢᠮ ᠣᠷᠴᠢᠨ ᠊ᠤ ᠬᠡᠦᠬᠡᠳ ᠬᠠᠮᠠᠭᠠᠯᠠᠯ᠂ ᠶᠠᠭᠠᠷᠠᠯ ᠲᠠᠢ ᠲᠤᠰᠠᠯᠠᠮᠵᠢ ᠠᠪᠬᠤ᠂ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠵᠡᠷᠭᠡ ᠵᠢᠭᠠᠪᠤᠷᠢ ᠵᠥᠪᠯᠡᠭᠡ ᠪᠠᠶᠢᠷᠢᠰᠢᠭᠰᠠᠨ Ekids ᠼᠧᠰᠧ ᠊ᠢᠢ ᠨᠡᠮᠡᠯᠲᠡ ᠪᠡᠷ ᠬᠥᠭᠵᠢᠭᠦᠯᠦᠭᠰᠡᠨ᠃ ᠬᠡᠷᠪᠡ ᠭᠡᠨᠡᠳᠲᠡ ᠊ᠢᠢᠨ ᠪᠣᠯᠵᠣᠰᠢ ᠦᠭᠡᠢ ᠠᠶᠤᠯ ᠤᠴᠠᠷᠠᠬᠤ ᠊ᠳᠤ ᠶᠠᠭᠠᠷᠠᠯᠲᠠᠢ ᠲᠤᠰᠠᠯᠠᠮᠵᠢ ᠊ᠢᠢᠨ ᠑᠐᠒᠂ ᠑᠐᠓᠂ ᠑᠐᠘ ᠤᠲᠠᠰᠤᠨ ᠨᠤᠭᠤᠳ ᠲᠤ ᠰᠢᠭᠤᠳ ᠳᠠᠭᠤᠳᠠᠯᠭ᠎ᠠ ᠬᠢᠬᠦ᠂ ᠡᠴᠢᠭᠡ ᠡᠬᠡ ᠳᠦ ᠪᠡᠨ ᠮᠡᠳᠡᠭᠳᠡᠯ ᠢᠯᠡᠭᠡᠬᠦ ᠪᠣᠯᠤᠮᠵᠢ ᠪᠦᠷᠢᠳᠦᠯ᠎ᠡ᠃

Ekids ᠼᠧᠰᠧ ᠪᠡᠷ ᠳᠠᠮᠵᠢᠭᠤᠯᠤᠨ ᠬᠡᠦᠬᠡᠳ ᠭᠠᠳᠠᠭᠤᠷᠬᠠᠯ ᠊ᠳᠤ᠂ ᠴᠠᠬᠢᠮ ᠳᠠᠷᠤᠮᠲᠠ ᠵᠡᠷᠭᠡ ᠭᠡᠮᠲᠦ ᠦᠢᠯᠡᠳᠦᠯ ᠤᠳ ᠤᠨ ᠮᠡᠳᠡᠭᠡᠯᠡᠯ ᠊ᠢ ᠴᠠᠭᠳᠠᠭ᠎ᠠ ᠊ᠢᠢᠨ ᠶᠡᠷᠦᠩᠬᠡᠢ ᠭᠠᠵᠠᠷ ᠲᠤ ᠬᠦᠷᠭᠡᠭᠦᠯᠬᠦ ᠪᠣᠯᠤᠮᠵᠢ ᠲᠠᠢ ᠶᠤᠮ᠃

ᠨᠡᠶᠢᠲᠡᠯᠡᠭᠰᠡᠨ᠄