E-Mongolia᠂ E-Kids ᠰᠢᠰᠲ᠋ᠧᠮ ᠊ᠳᠦ ᠦᠨ᠎ᠡ ᠦᠭᠡᠢ ᠨᠡᠪᠲᠡᠷᠡᠴᠢ᠂ ᠦᠷ᠎ᠡ ᠬᠡᠦᠬᠡᠳ ᠊ᠢᠢᠡᠨ ᠬᠠᠮᠠᠭᠠᠯᠠᠭᠠᠷ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠨ ∙ ᠤᠴᠠᠷᠠᠯ ᠤᠨ ᠤᠷᠢᠶᠠᠯᠭ᠎ᠠ ᠊ᠢᠢ ᠡᠭᠦᠷᠡᠨ ᠬᠣᠯᠪᠣᠭᠠᠨ ᠊ᠤ ᠺᠣᠮᠫᠠᠨᠢ ᠨᠤᠭᠤᠳ ᠬᠦᠯᠢᠶᠡᠨ ᠠᠪᠴᠤ᠂ E-Mongolia᠂ ᠰᠢᠨ᠎ᠡ ᠪᠡᠷ ᠶᠠᠭᠠᠷᠠᠯᠲᠠᠢ ᠪᠦᠲᠦᠭᠡᠵᠦ ᠪᠤᠢ e-kids ᠍ ᠲᠤ ᠨᠡᠪᠲᠡᠷᠡᠬᠦ ᠳᠦ ᠳᠠᠲ᠋ᠠ ᠣᠭᠲᠣ ᠬᠡᠷᠡᠭ ᠦᠭᠡᠢ ᠪᠣᠯᠤᠯ᠎ᠠ᠃

ᠮᠣᠪᠢᠺᠣᠮ᠂ ᠶᠨᠢᠲ᠋ᠧᠯ᠂ ᠰᠺᠠᠲ᠋ᠧᠯ᠂ ᠵᠢ-ᠮᠣᠪᠠᠶᠢᠯ᠂ ᠣᠨᠳᠣ ᠺᠣᠮᠫᠠᠨᠢ ᠊ᠢᠢᠨ ᠤᠳᠤᠷᠢᠳᠤᠯᠭ᠎ᠠ ᠲᠠᠢ ᠼᠠ᠊ ᠬᠥ᠊ ᠬᠠ᠊ ᠬᠣ᠊-᠊ᠤ ᠰᠠᠶᠢᠳ ᠥᠨᠥᠳᠥᠷ \᠒᠐᠒᠓.᠑᠐.᠐᠙\ ᠠᠭᠤᠯᠵᠠᠵᠤ᠂ E-Mongolia ᠪᠣᠯᠤᠨ e-kids ᠰᠢᠰᠲ᠋ᠧᠮ ᠢ ᠦᠨ᠎ᠡ ᠲᠥᠯᠦᠪᠦᠷᠢ ᠦᠭᠡᠢ ᠠᠰᠢᠭᠯᠠᠬᠤ ᠤᠷᠢᠶᠠᠯᠭ᠎ᠠ ᠊ᠢᠢ ᠪᠦᠷᠢᠨ ᠳᠦᠭᠦᠷᠡᠩ ᠳᠡᠮᠵᠢᠵᠦ ᠡᠪᠯᠡᠯᠳᠦᠨ ᠨᠢᠭᠡᠳᠦᠯ ᠡ᠃

ᠲᠥᠷᠥ ᠊ᠢᠢᠨ ᠴᠠᠬᠢᠮ ᠦᠢᠯᠡᠴᠢᠯᠡᠭᠡᠨ ᠊ᠤ ᠑᠂᠖ ᠰᠠᠶ᠎ᠠ ᠬᠡᠷᠡᠭᠯᠡᠭᠴᠢ ᠲᠡᠢ E-Mongolia ᠍ ᠊ᠳᠦ ᠶᠡ-kids ᠬᠡᠦᠬᠡᠳ ᠬᠠᠮᠠᠭᠠᠯᠠᠯ ᠤᠨ ᠰᠢᠰᠲ᠋ᠧᠮ ᠶᠠᠭᠠᠷᠠᠯᠲᠠᠢ ᠨᠡᠪᠲᠡᠷᠡᠭᠦᠯᠬᠦ ᠪᠡᠷ ᠠᠵᠢᠯᠯᠠᠵᠤ ᠪᠠᠶᠢᠨ᠎ᠠ᠃ ᠡᠴᠢᠭᠡ ᠡᠬᠡᠴᠦᠳ ᠳᠠᠲ᠋ᠠ ᠵᠠᠷᠤᠴᠠᠭᠤᠯᠬᠤ ᠦᠭᠡᠢ ᠪᠡᠷ e-kids ᠠᠰᠢᠭᠯᠠᠨ ᠬᠡᠦᠬᠡᠳ ᠤᠨ ᠊ᠢᠢᠡᠨ ᠪᠠᠶᠢᠷᠢᠰᠢᠯ ᠢ ᠨᠢ ᠬᠥᠳᠡᠯᠭᠡᠭᠡᠨ᠂ ᠥᠪᠡᠷᠡᠴᠢᠯᠡᠯᠲᠡᠢ ᠨᠢ ᠰᠢᠭᠤᠳ ᠮᠡᠳᠡᠵᠦ ᠲᠣᠭᠲᠠᠭᠠᠬᠤ᠂ ᠲᠤᠰᠠᠯᠠᠮᠵᠢ ᠊ᠢᠢᠨ ᠳᠠᠭᠤᠳᠠᠯᠭ᠎ᠠ ᠊ᠢᠢ ᠨᠢ ᠰᠢᠭᠤᠳ ᠬᠦᠯᠢᠶᠡᠨ ᠠᠪᠬᠤ ᠲᠧᠭᠨᠣᠯᠣᠭᠢ ᠊ᠢᠢᠨ ᠪᠣᠯᠤᠮᠵᠢ ᠶᠢ ᠨᠡᠭᠡᠭᠡᠨ ᠶᠠᠭᠠᠷᠠᠯᠲᠠᠢ ᠭᠣᠷᠢᠮ ᠊ᠢᠢᠠᠷ ᠗ ᠬᠣᠨᠣᠭ ᠲᠤ ᠪᠠᠭᠲᠠᠭᠠᠨ ᠨᠡᠭᠡᠭᠡᠨ᠎ᠡ᠃

ᠣᠭᠴᠣᠮ ᠥᠰᠴᠢ ᠪᠤᠢ ᠴᠠᠬᠢᠮ ᠭᠡᠮᠲᠦ ᠬᠡᠷᠡᠭ᠂ ᠬᠡᠦᠬᠡᠳ ᠤᠨ ᠡᠰᠡᠷᠡᠭ ᠬᠦᠴᠦᠷᠬᠡᠶᠢᠯᠡᠯ ᠡᠴᠡ ᠲᠧᠭᠨᠣᠯᠣᠭᠢ ᠠᠰᠢᠭᠯᠠᠨ ᠬᠠᠮᠠᠭᠠᠯᠠᠬᠤ ᠰᠢᠢᠳᠦᠯ ᠨᠢ ᠳᠡᠯᠡᠬᠡᠢ ᠳᠠᠬᠢᠨ ᠊ᠳᠤ ᠡᠳᠦᠷ ᠲᠤᠲᠤᠮ ᠤᠨ ᠬᠡᠷᠡᠭᠯᠡᠭᠡ ᠪᠣᠯᠤᠭᠰᠠᠨ ᠊ᠤ ᠨᠢᠭᠡ ᠲᠦᠭᠡᠮᠡᠯ ᠵᠢᠱᠢᠶ᠎ᠡ ᠨᠢ Googel family Link ᠠᠫᠫ ᠶᠤᠮ᠃ ᠤᠬᠠᠭᠠᠯᠢᠭ ᠲᠧᠭᠨᠣᠯᠣᠭᠢ ᠠᠰᠢᠭᠯᠠᠳᠠᠭ ᠮᠣᠩᠭᠣᠯ ᠡᠴᠢᠭᠡ ᠡᠬᠡᠴᠦᠳ ᠠᠯᠢ ᠬᠡᠳᠦᠶᠢᠨ ᠊ᠢᠢᠡᠨ ᠡᠨᠡ ᠠᠫᠫᠯᠢᠭ ᠢᠶᠢᠰᠢᠨ ᠢ ᠬᠡᠷᠡᠭᠯᠡᠵᠦ ᠬᠡᠪᠰᠢᠭᠡᠳ ᠪᠠᠶᠢᠨ᠎ᠠ᠃

E-Mongolia ᠑᠂᠖ ᠰᠠᠶ᠎ᠠ ᠬᠡᠷᠡᠭᠯᠡᠭᠴᠢᠳ ᠊ᠢᠢᠡᠨ ᠡᠬᠢᠨ ᠊ᠤ ᠡᠭᠡᠯᠵᠢᠨ ᠊ᠳᠦ ᠮᠡᠳᠡᠭᠳᠡᠯ ᠢᠯᠡᠭᠡᠵᠦ᠂ ᠭᠠᠷ ᠤᠲᠠᠰᠤᠨ ᠊ᠳᠤ ᠪᠠᠨ ᠬᠡᠷᠬᠢᠨ ᠲᠠᠲᠠᠵᠤ ᠠᠰᠢᠭᠯᠠᠬᠤ ᠵᠢᠭᠠᠪᠤᠷᠢ ᠪᠠᠶᠢᠷᠢᠰᠢᠭᠤᠯᠤᠭᠠᠳ ᠪᠠᠶᠢᠨ᠎ᠠ᠃

​ᠼᠠ᠊ ᠬᠬᠥ᠊ ᠬᠠ᠊ ᠬᠣ᠊-᠊ᠤ ᠰᠠᠶᠢᠳ ᠨ ∙ ᠤᠴᠠᠷᠠᠯ 《ᠨᠢᠭᠡ ᠲᠠᠯ᠎ᠠ ᠠᠴᠠ ᠢᠷᠭᠡᠨ ᠊ᠤ ᠪᠡᠨ ᠠᠶᠤᠯ ᠦᠭᠡᠢ ᠪᠠᠶᠢᠳᠠᠯ ᠢ ᠰᠠᠬᠢᠩ ᠬᠠᠮᠠᠭᠠᠯᠠᠬᠤ ᠨᠢ ᠲᠥᠷᠥ ᠊ᠢᠢᠨ ᠦᠨᠳᠦᠰᠦᠨ ᠡᠭᠦᠷᠭᠡ᠃ ᠨᠥᠭᠥᠭᠡ ᠲᠠᠯ᠎ᠠ ᠡᠴᠠ ᠨᠠᠰᠤᠨ ᠊ᠳᠤ ᠬᠦᠷᠡᠭᠰᠡᠳ᠂ ᠡᠵᠢ ᠠᠪᠤ ᠨᠤᠭᠤᠳ ᠪᠢᠳᠡ ᠴᠠᠬᠢᠮ ᠭᠡᠮᠲᠦ ᠬᠡᠷᠡᠭ᠂ ᠵᠢᠭᠰᠢᠭᠦᠷᠢᠲᠦ ᠬᠦᠴᠦᠷᠬᠡᠶᠢᠯᠡᠯ ᠡᠴᠡ ᠦᠷ᠎ᠡ ᠬᠡᠦᠬᠡᠳ ᠊ᠢᠢᠡᠨ ᠬᠠᠮᠠᠭᠠᠯᠠᠬᠤ ᠨᠢ ᠵᠢᠮ᠎ᠠ ᠶᠣᠰᠣᠨ ᠊ᠤ ᠡᠭᠦᠷᠭᠡ》 ᠭᠡᠵᠦ ᠮᠡᠳᠡᠭᠳᠡᠭᠡᠳ ᠪᠠᠶᠢᠭᠰᠠᠨ ᠶᠤᠮ᠃

ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠲᠥᠷᠦ ᠊ᠢᠢᠨ ᠴᠠᠬᠢᠮ ᠦᠢᠯᠡᠴᠢᠯᠡᠭᠡ᠂ ᠬᠡᠦᠬᠡᠳ ᠬᠠᠮᠠᠭᠠᠯᠠᠯ ᠤᠨ ᠰᠢᠰᠲ᠋ᠧᠮ ᠊ᠳᠦ ᠦᠨ᠎ᠡ ᠲᠥᠯᠦᠪᠦᠷᠢ ᠦᠭᠡᠢ ᠨᠡᠪᠲᠡᠷᠡᠬᠦ ᠡᠭᠦᠳᠡ ᠬᠠᠭᠠᠯᠭ᠎ᠠ ᠊ᠢᠢ ᠨᠡᠭᠡᠭᠡᠵᠦ᠂ ᠨᠡᠶᠢᠭᠡᠮ ᠤᠨ ᠬᠠᠷᠢᠭᠤᠴᠠᠯᠭ᠎ᠠ ᠊ᠢᠢᠨ ᠥᠨᠳᠦᠷ ᠤᠬᠠᠮᠰᠠᠷ᠂ ᠶᠣᠰᠣ ᠵᠦᠢ ᠪᠡᠷ ᠦᠯᠢᠭᠡᠷᠯᠡᠵᠦ ᠪᠤᠢ ᠡᠭᠦᠷᠡᠨ ᠬᠣᠯᠪᠣᠭᠠᠨ ᠊ᠤ ᠺᠣᠮᠫᠠᠨᠢ ᠨᠤᠭᠤᠳ ᠲᠠᠭᠠᠨ ᠢᠷᠡᠭᠡᠳᠦᠢ ᠡᠵᠡᠳ᠂ ᠡᠴᠢᠭᠡ ᠡᠬᠡᠴᠦᠳ ᠤᠤᠨ ᠊ᠢᠢᠠᠨ ᠡᠮᠦᠨ᠎ᠡ ᠡᠴᠡ ᠲᠠᠯᠠᠷᠬᠠᠯ ᠢᠯᠡᠷᠬᠡᠶᠢᠯᠡᠵᠦ ᠪᠠᠶᠢᠨ᠎ᠠ᠃

ᠨᠡᠶᠢᠲᠡᠯᠡᠭᠰᠡᠨ᠄