ᠳᠤᠮᠳᠠᠭᠣᠪᠢ ᠠᠶᠢᠮᠠᠭ ᠤᠨ ᠰᠠᠯᠪᠤᠷᠢ ᠪᠠᠶᠢᠭᠤᠯᠤᠯᠭ᠎ᠠ ᠨᠤᠭᠤᠳ ᠤᠨ ᠲᠥᠯᠦᠭᠡᠯᠡᠯ ᠲᠡᠢ ᠰᠠᠨᠠᠯ ᠰᠣᠯᠢᠯᠴᠠᠪᠠ


ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠥᠨᠥᠳᠥᠷ (᠒᠐᠒᠓.᠑᠐.᠐᠖) ᠳᠤᠮᠳᠠᠭᠤᠪᠢ ᠠᠶᠢᠮᠠᠭ ᠲᠤ ᠠᠵᠢᠯᠯᠠᠬᠤ ᠬᠦᠷᠢᠶᠡᠨ ᠊ᠳᠦ ᠪᠡᠨ ᠴᠠᠬᠢᠮ ᠰᠢᠯᠵᠢᠯᠲᠡ ᠊ᠢᠢᠨ ᠬᠡᠷᠡᠭᠵᠢᠯᠲᠡ ᠊ᠢᠢ ᠬᠠᠩᠭᠠᠨ ᠠᠵᠢᠯᠯᠠᠵᠤ ᠪᠤᠢ ᠶᠠᠮᠤᠨ ᠊ᠤ ᠰᠠᠯᠪᠤᠷᠢ ᠪᠠᠶᠢᠭᠤᠯᠤᠯᠭ᠎ᠠ ᠨᠤᠭᠤᠳ ᠪᠣᠯᠬᠤ ᠮᠡᠳᠡᠭᠡᠯᠡᠯ ᠬᠣᠯᠪᠣᠭ᠎ᠠ ᠰᠦᠯᠵᠢᠶ᠎ᠡ ᠲᠥᠷᠥ ᠊ᠢᠢᠨ ᠥᠮᠴᠢ ᠊ᠢᠢᠨ ᠬᠤᠪᠢᠴᠠᠭᠠᠲᠤ ᠺᠣᠮᠫᠠᠨᠢ᠂ ᠰᠢᠤᠳᠠᠨ ᠬᠣᠯᠪᠣᠭ᠎ᠠ ᠬᠤᠪᠢᠴᠠᠭᠠᠲᠤ ᠺᠣᠮᠫᠠᠨᠢ᠂ ᠮᠣᠩᠭᠣᠯ ᠤᠨ ᠴᠠᠬᠢᠯᠭᠠᠨ ᠬᠣᠯᠪᠣᠭ᠎ᠠ ᠬᠤᠪᠢᠴᠠᠭᠠᠲᠤ ᠺᠣᠮᠫᠠᠨᠢ ᠊ᠢᠢᠨ ᠲᠥᠯᠥᠭᠡᠯᠡᠯ ᠤᠳ ᠲᠡᠢ ᠠᠭᠤᠯᠵᠠᠵᠤ᠂ ᠰᠠᠯᠪᠤᠷᠢ ᠊ᠢᠢᠨ ᠪᠣᠳᠣᠯᠭ᠎ᠠ᠂ ᠦᠢᠯᠡ ᠠᠵᠢᠯᠯᠠᠭᠠᠨ ᠊ᠤ ᠲᠠᠯ᠎ᠠ ᠪᠠᠷ ᠲᠠᠨᠢᠯᠴᠠᠭᠤᠯᠭ᠎ᠠ ᠬᠢᠵᠦ᠂ ᠰᠠᠯᠪᠤᠷᠢ ᠊ᠢᠢᠨ ᠠᠵᠢᠯᠴᠢᠳ ᠤᠨ ᠰᠠᠨᠠᠯ ᠬᠦᠰᠡᠯᠲᠡ ᠊ᠢᠢ ᠰᠣᠨᠣᠰᠴᠤ᠂ ᠶᠠᠷᠢᠯᠴᠠᠯ᠎ᠠ᠃

ᠥᠨᠥᠳᠥᠷ ᠤᠨ ᠠᠭᠤᠯᠵᠠᠯᠲᠠᠨ ᠊ᠳᠤ ᠳᠤᠮᠳᠠᠭᠣᠪᠢ ᠠᠶᠢᠮᠠᠭ᠂ ᠳᠣᠷᠣᠨᠠᠭᠣᠪᠢ ᠠᠶᠢᠮᠠᠭ᠂ ᠡᠮᠦᠨᠡᠭᠣᠪᠢ ᠠᠶᠢᠮᠠᠭ᠂ ᠲᠥᠪ ᠠᠶᠢᠮᠠᠭ ᠤᠳ ᠤᠨ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠘᠐ ᠭᠠᠷᠤᠢ ᠠᠵᠢᠯᠲᠠᠨ ᠣᠷᠣᠯᠴᠠᠵᠤ᠂ ᠬᠠᠤᠯᠢ ᠲᠣᠭᠲᠠᠭᠠᠮᠵᠢ ᠊ᠢᠢᠨ ᠬᠡᠷᠡᠭᠵᠢᠯᠲᠡ᠂ ᠳᠡᠳ᠋ ᠪᠦᠲᠦᠴᠡ᠂ ᠴᠠᠯᠢᠩ ᠬᠠᠩᠭᠠᠮᠵᠢ ᠊ᠢᠢᠨ ᠠᠰᠠᠭᠤᠳᠠᠯ ᠊ᠢᠢᠠᠷ ᠰᠠᠨᠠᠯ ᠪᠣᠳᠣᠯ ᠊ᠢᠢᠠᠨ ᠢᠯᠡᠷᠬᠡᠶᠢᠯᠡᠵᠦ᠂ ᠲᠤᠯᠭᠠᠮᠳᠠᠵᠤ ᠪᠤᠢ ᠠᠰᠠᠭᠤᠳᠠᠯ ᠤᠳ ᠤᠨ ᠲᠠᠯ᠎ᠠ ᠪᠠᠷ ᠶᠠᠷᠢᠯᠴᠠᠵᠤ᠂ ᠬᠣᠯᠪᠣᠭᠣᠳᠠᠬᠤ ᠬᠠᠷᠢᠭᠤᠯᠲᠠ ᠨᠤᠭᠤᠳ ᠢ ᠠᠪᠤᠯ᠎ᠠ᠃

ᠨᠡᠶᠢᠲᠡᠯᠡᠭᠰᠡᠨ᠄