ᠰᠡᠯᠡᠩᠭᠡ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ᠂ ᠢᠷᠭᠡᠳ ᠲᠦ 《ᠴᠠᠬᠢᠮ ᠠᠶᠢᠮᠠᠭ ᠪᠣᠳᠣᠯᠭ᠎ᠠ ᠊ᠢᠢᠨ ᠵᠥᠪᠯᠡᠮᠵᠢ》 ᠍ ᠢ ᠲᠠᠨᠢᠯᠴᠠᠭᠤᠯᠤᠯ᠎ᠠ


《ᠴᠠᠬᠢᠮ ᠠᠶᠢᠮᠠᠭ ᠪᠣᠳᠣᠯᠭ᠎ᠠ ᠊ᠢᠢᠨ ᠵᠥᠪᠯᠡᠮᠵᠢ》 ᠍ ᠊ᠢᠢᠨ ᠬᠡᠷᠡᠭᠵᠢᠯᠲᠡ ᠊ᠢᠢ ᠬᠠᠩᠭᠠᠬᠤ ᠠᠵᠢᠯ ᠤᠨ ᠬᠡᠰᠡᠭ ᠰᠡᠯᠡᠩᠭᠡ ᠠᠶᠢᠮᠠᠭ ᠲᠤ ᠠᠵᠢᠯᠯᠠᠵᠤ ᠪᠠᠶᠢᠨ᠎ᠠ᠃ ᠥᠨᠥᠳᠥᠷ ᠤᠨ (᠒᠐᠒᠓.᠑᠐.᠐᠔) ᠲᠠᠨᠢᠯᠴᠠᠭᠤᠯᠭ᠎ᠠ ᠮᠡᠳᠡᠭᠡᠯᠡᠯ᠂ ᠰᠤᠷᠭᠠᠯᠲᠠ ᠊ᠢᠢᠨ ᠦᠢᠯᠡ ᠠᠵᠢᠯᠯᠠᠭ᠎ᠠ ᠊ᠢᠢ ᠲᠤᠰ ᠠᠶᠢᠮᠠᠭ ᠤᠨ ᠽᠠ᠊ ᠳᠠ᠊ ᠲᠠ᠊ ᠭᠠ᠊-ᠤᠨ ᠲᠥᠷᠥ ᠊ᠢᠢᠨ ᠵᠠᠬᠢᠷᠭ᠎ᠠ ᠤᠳᠤᠷᠢᠳᠤᠯᠭ᠎ᠠ ᠊ᠢᠢᠨ ᠬᠡᠯᠲᠡᠰ ᠤᠨ ᠳᠠᠷᠤᠭ᠎ᠠ ᠳ ∙ ᠬᠡᠰᠢᠭᠪᠠᠲ ᠨᠡᠭᠡᠭᠡᠵᠦ᠂ ᠲᠥᠷᠥ ᠊ᠢᠢᠨ ᠴᠠᠬᠢᠮ ᠦᠢᠯᠡᠴᠢᠯᠡᠭᠡᠨ ᠊ᠤ ᠵᠣᠬᠢᠴᠠᠭᠤᠯᠤᠯᠲᠠ ᠊ᠢᠢᠨ ᠭᠠᠵᠠᠷ ᠤᠨ ᠳᠠᠷᠤᠭ᠎ᠠ ᠫ ∙ ᠪᠠᠲᠤᠪᠠᠭᠠᠲᠤᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠬᠡᠷᠡᠭᠵᠢᠭᠦᠯᠵᠦ ᠪᠤᠢ ᠪᠣᠳᠣᠯᠭ᠎ᠠ᠂ ᠠᠷᠭ᠎ᠠ ᠬᠡᠮᠵᠢᠶ᠎ᠡ᠂ 《ᠴᠠᠬᠢᠮ ᠠᠶᠢᠮᠠᠭ ᠪᠣᠳᠣᠯᠭ᠎ᠠ ᠊ᠢᠢᠨ ᠵᠥᠪᠯᠡᠮᠵᠢ》 ᠍᠊ᠢᠢᠨ ᠲᠠᠯ᠎ᠠ ᠪᠠᠷ ᠲᠠᠨᠢᠯᠴᠠᠭᠤᠯᠤᠯ᠎ᠠ᠃

ᠦᠷᠭᠦᠯᠵᠢᠯᠡᠭᠦᠯᠦᠨ ᠽᠠ᠊ ᠳᠠ᠊ ᠲᠠ᠊ ᠭᠠ᠊- ᠊ᠢᠢᠨ ᠲᠥᠷᠥ ᠊ᠢᠢᠨ ᠵᠠᠬᠢᠷᠭ᠎ᠠ ᠤᠳᠤᠷᠢᠳᠤᠯᠭ᠎ᠠ ᠊ᠢᠢᠨ ᠬᠡᠯᠲᠡᠰ ᠤᠨ ᠳᠠᠷᠤᠭ᠎ᠠ ᠳ ∙ ᠬᠡᠰᠢᠭᠪᠠᠲ᠂ ᠰᠡᠯᠡᠩᠭᠡ ᠠᠶᠢᠮᠠᠭ ᠳᠠᠬᠢ ᠲᠥᠷᠥ ᠊ᠢᠢᠨ ᠴᠠᠬᠢᠮ ᠦᠢᠯᠡᠴᠢᠯᠡᠭᠡᠨ ᠊ᠤ ᠬᠡᠯᠲᠡᠰ ᠤᠨ ᠳᠠᠷᠤᠭ᠎ᠠ ᠨ ∙ ᠰᠤᠪᠤᠳ-ᠡᠷᠳᠡᠨᠢ ᠨᠠᠷ ᠲᠤᠰ ᠠᠶᠢᠮᠠᠭ ᠤᠨ ᠴᠠᠬᠢᠮ ᠰᠢᠯᠵᠢᠯᠲᠡ ᠊ᠢᠢᠨ ᠴᠢᠭᠯᠡᠯ ᠊ᠢᠢᠡᠷ ᠬᠡᠷᠡᠭᠵᠢᠭᠦᠯᠦᠭᠰᠡᠨ ᠠᠷᠭ᠎ᠠ ᠬᠡᠮᠵᠢᠶᠡᠨ ᠊ᠤ ᠲᠠᠯ᠎ᠠ ᠪᠠᠷ ᠮᠡᠳᠡᠭᠡᠯᠡᠯ ᠥᠭᠪᠡ᠃

ᠮᠥᠨ ᠲᠥ᠊ ᠼᠠ᠊ ᠦ᠊ ᠽᠣ᠊ ᠭᠠ᠊- ᠍᠊ᠢᠢᠨ ᠰᠤᠷᠭᠠᠯᠲᠠ ᠬᠥᠭᠵᠢᠯ ᠤᠨ ᠮᠡᠷᠭᠡᠵᠢᠯᠲᠡᠨ ᠮ ∙ ᠲᠦᠪᠰᠢᠨᠵᠢᠷᠭᠠᠯ ᠳᠡᠭᠡᠷᠡᠬᠢ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ ᠲᠤ 《ᠴᠠᠬᠢᠮ ᠰᠢᠯᠵᠢᠯᠲᠡ ᠊ᠢᠢ ᠦᠨᠡᠯᠡᠬᠦ ᠰᠢᠯᠭᠠᠭᠤᠷ ᠦᠵᠡᠭᠦᠯᠦᠯᠲᠡ᠂ ᠠᠷᠭ᠎ᠠ ᠵᠦᠢ》 ᠰᠡᠳᠦᠪ ᠊ᠢᠢᠡᠷ ᠰᠤᠷᠭᠠᠯᠲᠠ ᠊ᠢᠢ ᠵᠣᠬᠢᠶᠠᠨ ᠪᠠᠶᠢᠭᠤᠯᠵᠤ᠂ ᠘᠐ ᠭᠠᠷᠤᠢ ᠲᠥᠷᠥ ᠊ᠢᠢᠨ ᠠᠯᠪᠠᠨ ᠬᠠᠭᠠᠭᠴᠢ ᠬᠠᠮᠤᠷᠤᠭᠳᠠᠯ᠎ᠠ᠃

ᠮᠣᠩᠭᠣᠯ ᠤᠯᠤᠰ ᠤᠨ ᠭᠠᠵᠠᠷ ᠲᠠᠷᠢᠶᠠᠯᠠᠩ ᠤᠨ ᠭᠣᠣᠯ ᠪᠥᠰᠡ ᠨᠤᠲᠤᠭ ᠪᠣᠯᠬᠤ ᠰᠡᠯᠡᠩᠭᠡ ᠠᠶᠢᠮᠠᠭ ᠨᠢ ᠡᠷᠴᠢᠮᠵᠢᠭᠰᠡᠨ ᠮᠠᠯ ᠠᠵᠤ ᠠᠬᠤᠢ ᠊ᠢᠢ ᠬᠥᠭᠵᠢᠭᠦᠯᠬᠦ ᠪᠠᠭᠠᠵᠢ ᠰᠠᠭᠤᠷᠢ ᠰᠠᠶᠢᠲᠠᠢ᠂ ᠠᠯᠲᠠᠨᠪᠤᠯᠠᠭ ᠤᠨ ᠴᠢᠯᠦᠭᠡᠲᠦ ᠪᠥᠰᠡ ᠪᠡᠷ ᠳᠠᠮᠵᠢᠨ ᠭᠠᠳᠠᠭᠠᠳᠤ ᠬᠤᠳᠠᠯᠳᠤᠭᠠᠨ ᠊ᠤ ᠡᠷᠭᠢᠯᠲᠡ ᠪᠣᠯᠤᠨ ᠵᠣᠷᠴᠢᠬᠤ ᠬᠥᠳᠡᠯᠭᠡᠭᠡᠨ ᠊ᠤ ᠤᠷᠤᠰᠬᠠᠯ ᠶᠡᠬᠡ ᠲᠡᠢ ᠪᠡᠷ ᠊ᠢᠢᠡᠨ ᠣᠨᠴᠠᠯᠢᠭ ᠲᠠᠢ᠃

ᠲᠤᠰ ᠠᠶᠢᠮᠠᠭ ᠨᠢ ᠑᠗ ᠰᠤᠮᠤ᠂ ᠖ ᠲᠣᠰᠬᠣᠨ᠂ ᠕᠑ ᠪᠠᠭ ᠤᠨ ᠨᠡᠶᠢᠲᠡ ᠑᠐᠘ ᠮᠢᠩᠭᠠᠨ ᠬᠦᠮᠦᠨ ᠠᠮᠠ ᠲᠠᠢ ᠪᠥᠭᠡᠳ ᠑᠖ ᠰᠤᠮᠤ᠂ ᠰᠠᠭᠤᠷᠢᠨ ᠭᠠᠵᠠᠷ ᠨᠢ ᠥᠨᠳᠥᠷ ᠬᠤᠷᠳᠤᠨ ᠊ᠤ ᠰᠢᠯᠢᠨ ᠺᠠᠪᠧᠯ ᠤᠨ ᠰᠦᠯᠵᠢᠶᠡᠨ ᠊ᠳᠦ ᠬᠣᠯᠪᠣᠭᠳᠠᠵᠤ ᠨᠡᠶᠢᠲᠡ ᠡᠷᠦᠬᠡ ᠊ᠢᠢᠨ ᠙᠐ ᠬᠤᠪᠢ ᠨᠢ ᠢᠨᠲ᠋ᠧᠷᠨᠡᠲ ᠰᠦᠯᠵᠢᠶᠡᠨ ᠳᠦ ᠬᠣᠯᠪᠣᠭᠳᠠᠭᠰᠠᠨ ᠭᠡᠰᠡᠨ ᠲᠣᠭᠠᠨ ᠦᠵᠡᠭᠦᠯᠦᠯᠲᠡ ᠪᠠᠶᠢᠨ᠎ᠠ᠃

ᠰᠡᠯᠡᠩᠭᠡ ᠠᠶᠢᠮᠠᠭ ᠲᠤ ᠣᠳᠣ ᠪᠠᠷ 《ᠬᠤᠷᠳᠤᠨ》 ᠴᠡᠭ ᠬᠣᠶᠠᠷ ᠪᠠᠶᠢᠷᠢᠯᠠᠯ ᠊ᠳᠤ ᠠᠵᠢᠯᠯᠠᠵᠤ ᠪᠠᠶᠢᠭ᠎ᠠ ᠪᠥᠭᠡᠳ ᠨᠤᠲᠤᠭ ᠤᠨ ᠢᠷᠭᠡᠳ ᠲᠤᠰ ᠴᠡᠭ ᠤᠨ ᠦᠢᠯᠡᠴᠢᠯᠡᠭᠡ ᠊ᠢᠢ ᠴᠢᠷᠦᠭᠳᠡᠯ ᠭᠦᠢ᠂ ᠲᠦᠷᠭᠡᠨ᠂ ᠰᠢᠭᠤᠷᠬᠠᠢ ᠬᠡᠮᠡᠨ ᠣᠨᠴᠠᠯᠠᠵᠤ ᠪᠠᠶᠢᠨ᠎ᠠ᠃ ᠴᠢᠨᠠᠭᠰᠢᠳᠠ 《ᠬᠤᠷᠳᠤᠨ》 ᠴᠡᠭ ᠢ ᠡᠬᠢᠨ ᠊ᠤ ᠡᠭᠡᠯᠵᠢ ᠳᠦ ᠠᠶᠢᠮᠠᠭ ᠤᠨ ᠨᠢᠭᠡᠳᠦᠭᠰᠡᠨ ᠡᠮᠨᠡᠯᠭᠡ᠂ ᠠᠯᠲᠠᠨ ᠪᠤᠯᠠᠭ ᠰᠤᠮᠤ᠂ ᠮᠠᠨᠳᠤᠯ ᠰᠤᠮᠤ᠂ ᠪᠠᠶᠠᠩ ᠢᠶᠠᠯ ᠰᠤᠮᠤ᠂ ᠰᠠᠶᠢᠬᠠᠨ ᠰᠤᠮᠤ ᠵᠡᠷᠭᠡ ᠲᠠᠪᠤᠨ ᠪᠠᠶᠢᠷᠢᠯᠠᠯ ᠊ᠳᠤ ᠨᠡᠭᠡᠭᠡᠬᠦ ᠪᠡᠷ ᠲᠥᠯᠥᠪᠯᠡᠭᠡᠳ ᠪᠠᠶᠢᠨ᠎ᠠ

ᠨᠡᠶᠢᠲᠡᠯᠡᠭᠰᠡᠨ᠄