ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠨᠠᠨᠵᠢᠨ ᠬᠣᠲᠠᠨ ᠊ᠢᠢᠠᠨ ᠵᠣᠬᠢᠶᠠᠨ ᠪᠠᠶᠢᠭᠤᠯᠤᠭᠳᠠᠵᠤ ᠪᠤᠢ 《ᠦᠨᠳᠦᠰᠦᠨ ᠊ᠤ ᠲᠧᠯᠧᠸᠢᠰ ᠤᠨ ᠹᠧᠰᠲ᠋ᠢᠸᠠᠯᠢ》᠊ᠳᠤ ᠣᠷᠣᠯᠴᠠᠵᠤ ᠪᠠᠶᠢᠨ᠎ᠠ


ᠼᠠ᠊ ᠬᠥ᠊ ᠬᠠ᠊ ᠬᠣ-᠊ᠤ ᠳᠡᠳ᠋ ᠰᠠᠶᠢᠳ ᠵ ∙ ᠡᠷᠬᠢᠮᠪᠠᠭᠠᠲᠤᠷ ᠱᠠᠩᠬᠠᠢ ᠊ᠢᠢᠨ ᠬᠠᠮᠲᠤ ᠊ᠢᠢᠨ ᠠᠵᠢᠯᠯᠠᠭᠠᠨ ᠊ᠤ ᠪᠠᠶᠢᠭᠤᠯᠤᠯᠭ᠎ᠠ ᠡᠴᠠ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠢᠩᠭᠰᠤ ᠮᠤᠵᠢ ᠊ᠢᠢᠨ ᠨᠠᠨᠵᠢᠨ ᠬᠣᠲᠣᠩ ᠊ᠢᠢᠠᠨ ᠒᠐᠒᠓ ᠣᠨ ᠊ᠤ ᠐᠙ ᠳᠦᠭᠡᠷ ᠰᠠᠷ᠎ᠠ ᠊ᠢᠢᠨ ᠒᠕ ᠍ ᠨ ᠡᠴᠠ ᠒᠘-᠊ᠤ ᠡᠳᠦᠷ ᠤᠳ ᠲᠦ ᠵᠣᠬᠢᠶᠠᠨ ᠪᠠᠶᠢᠭᠤᠯᠵᠤ ᠪᠤᠢ 《ᠦᠨᠳᠦᠰᠦᠨ ᠊ᠤ ᠲᠧᠯᠧᠸᠢᠰ ᠤᠨ ᠹᠧᠰᠲ᠋ᠢᠸᠠᠯᠢ》 ᠍ ᠊ᠳᠦ ᠣᠷᠣᠯᠴᠠᠵᠤ᠂ ᠮᠣᠩᠭᠣᠯ ᠤᠯᠤᠰ ᠤᠨ ᠲᠧᠯᠧᠸᠢᠰ ᠤᠨ ᠰᠠᠯᠪᠤᠷᠢ ᠊ᠢᠢᠨ ᠡᠷᠬᠡ ᠵᠦᠢ ᠊ᠢᠢᠨ ᠣᠷᠴᠢᠨ᠂ ᠥᠨᠥ ᠊ᠢᠢᠨ ᠨᠥᠬᠥᠴᠡᠯ ᠪᠠᠶᠢᠳᠠᠯ᠂ ᠴᠢᠨᠠᠭᠰᠢᠳᠠ ᠬᠡᠷᠡᠭᠵᠢᠭᠦᠯᠬᠦ ᠠᠵᠢᠯ ᠤᠨ ᠲᠠᠯ᠎ᠠ ᠪᠠᠷ ᠢᠯᠡᠳᠬᠡᠯ ᠲᠠᠨᠢᠯᠴᠠᠭᠤᠯᠤᠯ᠎ᠠ᠃

ᠠᠷᠭ᠎ᠠ ᠬᠡᠮᠵᠢᠶᠡᠨ ᠊ᠤ ᠦᠶ᠎ᠡ ᠪᠡᠷ ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ᠄ 《ᠦᠨᠳᠦᠰᠦᠨ ᠊ᠤ ᠲᠧᠯᠧᠸᠢᠰ ᠤᠨ ᠹᠧᠰᠲ᠋ᠢᠸᠠᠯ ᠢ ᠵᠣᠬᠢᠶᠠᠨ ᠪᠠᠶᠢᠭᠤᠯᠵᠤ ᠪᠤᠢ ᠱᠠᠩᠬᠠᠢ ᠊ᠢᠢᠨ ᠬᠠᠮᠲᠤ ᠊ᠢᠢᠨ ᠠᠵᠢᠯᠯᠠᠭᠠᠨ ᠊ ᠪᠠᠶᠢᠭᠤᠯᠤᠯᠭ᠎ᠠ ᠊ᠢᠢᠨ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠵᠠᠩ ᠮᠢᠩ ᠪᠣᠯᠤᠨ ᠲᠥᠷᠥ ᠊ᠢᠢᠨ ᠷᠠᠳᠢᠣ᠋᠂ ᠺᠢᠨᠣ᠋᠂ ᠲᠧᠯᠧᠸᠢᠰ ᠤᠨ ᠵᠠᠬᠢᠷᠭᠠᠨ ᠊ᠤ ᠣᠷᠣᠯᠠᠭᠴᠢ ᠳᠠᠷᠤᠭ᠎ᠠ ᠶᠠᠩ ᠭᠤᠣ ᠷᠤᠢ᠂ ᠵᠢᠨᠰᠤ ᠮᠤᠵᠢ ᠊ᠢᠢᠨ ᠨᠠᠮ ᠤᠨ ᠬᠣᠷᠢᠶᠠᠨ ᠊ᠤ ᠰᠤᠷᠲᠠᠯ ᠤᠬᠠᠭᠤᠯᠭ᠎ᠠ ᠊ᠢᠢᠨ ᠬᠡᠯᠲᠡᠰ ᠤᠨ ᠰᠠᠶᠢᠳ ᠵᠠᠩ ᠠᠢ ᠵᠦᠩ ᠵᠢᠨᠰᠤ ᠮᠤᠵᠢ ᠊ᠢᠢᠨ ᠳᠡᠳ᠋ ᠵᠠᠬᠢᠷᠤᠭᠴᠢ ᠱᠦ ᠢᠩ ᠢ ᠨᠠᠷᠠᠲᠤ ᠡᠨᠡᠬᠦ ᠠᠷᠭ᠎ᠠ ᠬᠡᠮᠵᠢᠶᠡᠨ ᠊ᠳᠦ ᠤᠷᠢᠵᠤ ᠣᠷᠤᠯᠴᠠᠭᠤᠯᠵᠤ ᠪᠤᠢ ᠶᠠᠪᠤᠳᠠᠯ ᠊ᠳᠤ ᠲᠠᠯᠠᠷᠬᠠᠯ ᠢᠯᠡᠷᠬᠡᠶᠢᠯᠡᠶ᠎ᠡ᠃

ᠮᠠᠨ ᠊ᠤ ᠤᠯᠤᠰ ᠱᠠᠩᠬᠠᠢ ᠊ᠢᠢᠨ ᠬᠠᠮᠲᠤ ᠊ᠢᠢᠨ ᠠᠵᠢᠯᠯᠠᠭᠠᠨ ᠊ᠤ ᠪᠠᠶᠢᠭᠤᠯᠤᠯᠭ᠎ᠠ ᠊ᠢᠢᠨ ᠬᠦᠷᠢᠶᠡᠨ ᠊ᠳᠦ ᠥᠷᠨᠢᠵᠦ ᠪᠤᠢ ᠡᠳ᠋ ᠍ ᠊ᠢᠢᠨ ᠵᠠᠰᠠᠭ᠂ ᠳᠡᠳ᠋ ᠪᠦᠲᠦᠴᠡ᠂ ᠡᠷᠴᠢᠮ ᠬᠦᠴᠦ᠂ ᠳᠠᠮᠵᠢᠨ ᠥᠩᠭᠡᠷᠡᠬᠦ ᠲᠡᠭᠡᠭᠡᠪᠦᠷᠢ᠂ ᠬᠥᠳᠡᠭᠡ ᠠᠵᠤ ᠠᠬᠤᠢ ᠊ᠢᠢᠨ ᠰᠠᠯᠪᠤᠷᠢ ᠊ᠢᠢᠨ ᠬᠠᠮᠲᠤ ᠶᠢᠨ ᠠᠵᠢᠯᠯᠠᠭᠠᠨ ᠊ᠳᠤ ᠲᠡᠷᠢᠭᠦᠯᠡᠬᠦ ᠠᠴᠢ ᠬᠣᠯᠪᠣᠭᠳᠠᠯ ᠥᠭᠴᠦ᠂ ᠮᠣᠩᠭᠣᠯ ᠤᠯᠤᠰ ᠊᠊ᠢᠢᠠᠷ ᠳᠠᠮᠵᠢᠭᠤᠯᠤᠨ ᠪᠠᠶᠢᠭᠠᠯ ᠤᠨ ᠬᠡᠢ᠂ ᠭᠠᠵᠠᠷ ᠤᠨ ᠲᠣᠰᠤᠨ ᠊ᠤ ᠬᠣᠭᠣᠯᠠᠢ᠂ ᠠᠦ᠋ᠲ᠋ᠣ᠋ ᠵᠠᠮ ᠲᠠᠯᠪᠢᠬᠤ᠂ ᠮᠣᠩᠭᠣᠯ ᠤᠯᠤᠰ ᠲᠤ ᠲᠡᠮᠦᠷ ᠵᠠᠮ ᠬᠥᠭᠵᠢᠭᠦᠯᠬᠦ ᠲᠥᠰᠦᠯ ᠦᠳ ᠢ ᠬᠡᠷᠡᠭᠵᠢᠭᠦᠯᠬᠦ᠂ ᠲᠧᠯᠧᠸᠢᠰ ᠦᠨ ᠰᠠᠯᠪᠤᠷᠢ ᠳᠤ ᠬᠠᠮᠲᠤᠷᠠᠨ ᠠᠵᠢᠯᠯᠠᠬᠤ᠂ ᠣᠯᠠᠨ ᠨᠡᠶᠢᠲᠡ ᠊ᠳᠦ ᠲᠡᠩᠴᠡᠪᠦᠷᠢᠲᠡᠢ ᠮᠡᠳᠡᠭᠡᠯᠡᠯ ᠬᠦᠷᠭᠡᠬᠦ᠂ ᠪᠣᠯᠪᠠᠰᠤᠷᠠᠯ ᠣᠯᠭᠤᠬᠤ᠂ ᠵᠡᠷᠭᠡ ᠴᠢᠭᠯᠡᠯ ᠊ᠳᠦ ᠬᠠᠮᠲᠤᠷᠠᠨ ᠠᠵᠢᠯᠯᠠᠬᠤ ᠰᠣᠨᠢᠷᠬᠠᠯᠲᠠᠢ ᠪᠤᠢ ᠶᠢ ᠪᠠᠨ ᠣᠨᠴᠠᠯᠠᠪᠠ᠃

ᠡᠨᠡᠬᠦ ᠠᠷᠭ᠎ᠠ ᠬᠡᠮᠵᠢᠶᠡᠨ ᠊ᠳᠦ ᠘ ᠤᠯᠤᠰ ᠤᠨ ᠑᠕᠐ ᠭᠠᠷᠤᠢ ᠲᠥᠯᠥᠭᠡᠯᠡᠭᠴᠢ ᠣᠷᠣᠯᠴᠠᠵᠤ᠂ ᠥᠷᠭᠡᠨ ᠨᠡᠪᠲᠡᠷᠡᠭᠦᠯᠭᠡ ᠊ᠢᠢᠨ ᠰᠠᠯᠪᠤᠷᠢ ᠊ᠢᠢᠨ ᠥᠨᠥ ᠊ᠢᠢᠨ ᠪᠠᠶᠢᠳᠠᠯ᠂ ᠰᠤᠶᠤᠯ ᠤᠨ ᠬᠠᠮᠲᠤ ᠊ᠢᠢᠨ ᠠᠵᠢᠯᠯᠠᠭ᠎ᠠ ᠊ᠢᠢ ᠠᠬᠢᠭᠤᠯᠬᠤ᠂ ᠷᠠᠳᠢᠣ᠋᠂ ᠲᠧᠯᠧᠸᠢᠽ᠂ ᠬᠡᠪᠯᠡᠯ ᠮᠡᠳᠡᠭᠡᠯᠡᠯ ᠤᠨ ᠰᠠᠯᠪᠤᠷᠢ ᠊ᠢᠢ ᠬᠥᠭᠵᠢᠭᠦᠯᠬᠦ᠂ ᠥᠷᠭᠡᠨ ᠨᠡᠪᠲᠡᠷᠡᠭᠦᠯᠭᠡ᠂ ᠲᠧᠯᠧᠸᠢᠰ ᠊ᠳᠤ ᠨᠡᠪᠲᠡᠷᠡᠭᠦᠯᠵᠦ ᠪᠤᠢ ᠰᠢᠨ᠎ᠡ ᠲᠧᠭᠨᠢᠭ ᠲᠧᠭᠨᠣᠯᠣᠭᠢ ᠶᠢ ᠰᠤᠳᠤᠯᠬᠤ᠂ ᠬᠠᠮᠲᠤ ᠊ᠢᠢᠨ ᠠᠵᠢᠯᠯᠠᠭ᠎ᠠ ᠊ᠢᠢ ᠬᠥᠭᠵᠢᠭᠦᠯᠬᠦ ᠵᠡᠷᠭᠡ ᠴᠢᠭᠯᠡᠯ ᠊ᠢᠢᠡᠷ ᠰᠠᠶᠢᠨ ᠲᠤᠷᠰᠢᠯᠭ᠎ᠠ ᠪᠠᠨ ᠬᠤᠪᠢᠶᠠᠯᠴᠠᠨ᠂ ᠰᠠᠨᠠᠯ ᠰᠣᠯᠢᠯᠴᠠᠯ᠎ᠠ᠃

ᠨᠡᠶᠢᠲᠡᠯᠡᠭᠰᠡᠨ᠄