ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ ᠮᠣᠩᠭᠣᠯ ᠤᠯᠤᠰ ᠤᠨ ᠵᠡᠪᠰᠡᠭᠲᠦ ᠬᠦᠴᠦᠨ ᠊ᠤ ᠵᠠᠩᠵᠤᠨ ᠱᠲ᠋ᠠᠪ ᠤᠨ ᠰᠤᠷᠭᠠᠯᠲᠠ᠂ ᠪᠡᠯᠡᠳᠬᠡᠯ ᠤᠨ ᠭᠠᠵᠠᠷ ᠤᠨ ᠳᠠᠷᠤᠭ᠎ᠠ᠂ ᠮᠣᠩᠭᠣᠯ ᠤᠨ ᠠᠩᠬᠠᠨ ᠊ᠤ ᠡᠮᠡᠭᠲᠡᠢ ᠭᠧᠨᠧᠷᠠᠯ᠂ ᠪᠠᠷᠢᠭᠠᠳᠠ ᠊ᠢᠢᠨ ᠭᠧᠨᠧᠷᠠᠯ ᠭ ∙ ᠪᠣᠯᠣᠷᠲᠤ ᠬᠦᠨᠳᠦᠳᠬᠡᠯ ᠦᠵᠡᠭᠦᠯᠦᠯ᠎ᠡ


ᠼᠠ᠊ ᠬᠥ᠊ ᠬᠠ᠊ ᠬᠣ᠊-᠊ᠤ ᠲᠥᠷᠥ ᠊ᠢᠢᠨ ᠨᠠᠷᠢᠨ ᠪᠢᠴᠢᠭ ᠊ᠤᠨ ᠳᠠᠷᠤᠭ᠎ᠠ ᠪ ∙ ᠪᠠᠲᠤᠴᠡᠴᠡᠭ ᠮᠣᠩᠭᠣᠯ ᠤᠯᠤᠰ ᠤᠨ ᠵᠡᠪᠰᠡᠭᠲᠦ ᠬᠦᠴᠦᠨ ᠊ᠤ ᠵᠠᠩᠵᠤᠨ ᠱᠲ᠋ᠠᠪ ᠤᠨ ᠰᠤᠷᠭᠠᠯᠲᠠ᠂ ᠪᠡᠯᠡᠳᠬᠡᠯ ᠊ᠤᠨ ᠭᠠᠵᠠᠷ ᠤᠨ ᠳᠠᠷᠤᠭ᠎ᠠ᠂ ᠮᠣᠩᠭᠣᠯ ᠤᠨ ᠬᠠᠮᠤᠭ ᠤᠨ ᠠᠩᠬᠠᠨ ᠊ᠤ ᠡᠮᠡᠭᠲᠡᠢ ᠭᠧᠨᠧᠷᠠᠯ᠂ ᠪᠠᠷᠢᠭᠠᠳᠠ ᠊ᠢᠢᠨ ᠭᠧᠨᠧᠷᠠᠯ ᠭᠠᠩᠪᠣᠯᠣᠳ ᠤᠨ ᠪᠣᠯᠣᠷ ᠢ ᠬᠦᠯᠢᠶᠡᠨ ᠠᠪᠴᠤ ᠠᠭᠤᠯᠵᠠᠨ᠂ ᠬᠦᠨᠳᠦᠳᠬᠡᠯ ᠦᠵᠡᠭᠦᠯᠦᠯ᠎ᠡ᠃

ᠠᠭᠤᠯᠵᠠᠯᠲᠠ ᠊ᠢᠢᠨ ᠡᠬᠢᠨ ᠊ᠳᠦ ᠼᠠ᠊ ᠬᠥ᠊ ᠬᠠ᠊ ᠬᠣ᠊-᠊ᠤ ᠲᠥᠷᠡ ᠊ᠢᠢᠨ ᠨᠠᠷᠢᠨ ᠪᠢᠴᠢᠭ ᠤᠨ ᠳᠠᠷᠭᠠ ᠪ ∙ ᠪᠠᠲᠤᠴᠡᠴᠡᠭ ᠮᠣᠩᠭᠣᠯ ᠤᠯᠤᠰ ᠤᠨ ᠲᠡᠦᠬᠡᠨ ᠊ᠳᠦ ᠠᠩᠬᠠᠨ ᠊ᠤ ᠡᠮᠡᠭᠲᠡᠢ ᠭᠧᠨᠧᠷᠠᠯ ᠪᠣᠯᠤᠭᠰᠠᠨ ᠊ᠳᠤ ᠨᠢ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠊ᠤᠨ ᠲᠧᠭᠨᠣᠯᠣᠭᠢ ᠊ᠢᠢᠨ ᠰᠠᠯᠪᠤᠷᠢ ᠊ᠢᠢᠨ ᠬᠢᠨ ᠪᠣᠯᠤᠨ ᠨᠡᠶᠢᠲᠡ ᠠᠯᠪᠠᠨ ᠬᠠᠭᠠᠭᠴᠢᠳ ᠤᠨ ᠊ᠢᠢᠠᠨ ᠡᠮᠦᠨ᠎ᠡ ᠡᠴᠡ ᠪᠠᠶᠠᠷ ᠬᠦᠷᠭᠡᠵᠦ᠂ ᠰᠠᠯᠪᠤᠷᠢ ᠪᠦᠷᠢ ᠊ᠢᠢᠨ ᠰᠢᠢᠳᠪᠦᠷᠢ ᠭᠠᠷᠭᠠᠬᠤ ᠲᠦᠪᠰᠢᠨ ᠊ᠳᠦ ᠡᠮᠡᠭᠲᠡᠶᠢᠴᠦᠳ ᠤᠨ ᠮᠠᠩᠯᠠᠶᠢᠯᠠᠯ ᠤᠨ ᠲᠠᠯ᠎ᠠ ᠪᠠᠷ ᠮᠥᠨ ᠲᠡᠭᠦᠨ ᠊ᠤ ᠦᠯᠢᠭᠡᠷᠯᠡᠵᠦ ᠪᠤᠢ ᠦᠢᠯᠡ ᠬᠡᠷᠡᠭ᠂ ᠡᠩᠬᠡ ᠊ᠢᠢ ᠰᠠᠬᠢᠭᠤᠯᠬᠤ ᠠᠮᠠᠷ ᠦᠭᠡᠢ ᠪᠥᠭᠡᠳ ᠨᠡᠷ᠎ᠡ ᠬᠦᠨᠳᠦᠲᠡᠢ ᠠᠯᠪᠠᠨ ᠊ᠤ ᠲᠠᠯ᠎ᠠ ᠪᠠᠷ ᠰᠣᠨᠢᠷᠬᠠᠯᠲᠠᠢ ᠳᠤᠷᠠᠰᠤᠮᠵᠢ ᠶᠠᠷᠢᠶ᠎ᠠ ᠥᠷᠨᠢᠭᠦᠯᠦᠭᠰᠡᠨ ᠶᠤᠮ᠃

ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠡᠩᠬᠡ ᠊ᠢᠢ ᠰᠠᠬᠢᠭᠤᠯᠬᠤ ᠠᠵᠢᠯᠯᠠᠭᠠᠨ ᠊ᠳᠤ ᠱᠲ᠋ᠠᠪ ᠤᠨ ᠣᠹᠢᠼᠧᠷ ᠊ᠢᠢᠠᠷ ᠬᠣᠶᠠᠷ ᠤᠳᠠᠭ᠎ᠠ᠂ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠲᠥᠪ ᠱᠲ᠋ᠠᠪ ᠤᠨ ᠤᠳᠤᠷᠢᠳᠬᠤ ᠠᠯᠪᠠᠨ ᠲᠤᠰᠢᠶᠠᠯ ᠊ᠳᠤ ᠮᠣᠩᠭᠣᠯ ᠤᠯᠤᠰ ᠡᠴᠠ ᠠᠵᠢᠯᠯᠠᠬᠤ ᠠᠩᠬᠠᠨ ᠊ᠤ ᠣᠹᠢᠼᠧᠷ ᠪᠣᠯᠤᠨ ᠲᠣᠮᠢᠯᠠᠭᠳᠠᠭᠰᠠᠨ᠂ ᠬᠣᠯᠪᠣᠭᠠᠨ ᠊ᠤ ᠰᠠᠯᠪᠤᠷᠢ ᠡᠴᠠ ᠲᠦᠷᠦᠭᠰᠡᠨ ᠠᠩᠬᠠᠨ ᠊ᠤ ᠡᠮᠡᠭᠲᠡᠢ ᠭᠧᠨᠧᠷᠠᠯ ᠲᠡᠳᠦᠢ ᠦᠭᠡᠢ ᠮᠡᠷᠭᠡᠵᠢᠯ ᠊ᠤᠨ ᠣᠯᠠᠨ ᠢᠨᠵᠧᠨᠧᠷ ᠪᠡᠯᠡᠳᠬᠡᠭᠰᠡᠨ᠂ ᠮᠣᠩᠭᠣᠯ ᠤᠯᠤᠰ ᠤᠨ ᠨᠡᠷ᠎ᠡ ᠲᠥᠷᠦ ᠊ᠢᠢ ᠣᠯᠠᠨ ᠤᠯᠤᠰ ᠲᠤ ᠲᠠᠨᠢᠭᠤᠯᠤᠭᠰᠠᠨ ᠊ᠳᠤ ᠨᠢ ᠲᠠᠯᠠᠷᠬᠠᠯ ᠢᠯᠡᠷᠬᠡᠶᠢᠯᠡᠵᠦ᠂ ᠼᠠ᠊ ᠬᠥ᠊ ᠬᠠ᠊ ᠬᠣ᠊ ᠶᠠ᠊-᠊ᠤ ᠲᠥᠷᠦ ᠊ᠢᠢᠨ ᠨᠠᠷᠢᠨ ᠪᠢᠴᠢᠭ ᠤᠨ ᠳᠠᠷᠤᠭ᠎ᠠ ᠪ ∙ ᠪᠠᠲᠤᠴᠡᠴᠡᠭ ᠰᠠᠯᠪᠤᠷᠢ ᠊ᠢᠢᠨ ᠱᠠᠩᠨᠠᠯ ᠪᠣᠯᠬᠤ 《ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠊ᠤ ᠲᠡᠷᠢᠭᠦᠨ ᠊ᠤ ᠠᠵᠢᠯᠲᠠᠨ》 ᠬᠦᠨᠳᠦᠳ᠂ ᠲᠡᠮᠳᠡᠭ ᠭᠠᠷᠳᠠᠭᠤᠯᠪᠠ᠃

ᠬᠤᠪᠢ ᠬᠦᠨᠡᠶᠢᠬᠢ ᠪᠡᠨ ᠬᠤᠪᠢ ᠊ᠳᠤ ᠵᠥᠪᠬᠡᠨ ᠠᠩᠬᠠᠳᠠᠭᠴᠢ ᠪᠠᠶᠢᠭᠠᠳ ᠵᠣᠭᠰᠣᠬᠤ ᠦᠭᠡᠢ ᠡᠩᠬᠡ ᠊ᠢᠢ ᠰᠠᠬᠢᠭᠤᠯᠤᠭᠴᠢ ᠳᠡᠯᠡᠬᠡᠢ ᠊ᠢᠢᠨ ᠡᠮᠡᠭᠲᠡᠢ ᠣᠹᠢᠼᠧᠷ ᠤᠳ ᠤᠨ ᠮᠠᠩᠯᠠᠶᠢᠯᠠᠯ᠂ ᠨᠡᠶᠢᠭᠡᠮ ᠤᠨ ᠠᠰᠠᠭᠤᠳᠠᠯ ᠤᠳ ᠲᠤ ᠣᠨᠴᠠᠭᠠᠢ ᠠᠩᠬᠠᠷᠤᠨ᠂ ᠲᠡᠳᠡᠨ ᠊ᠤ ᠦᠨ᠎ᠡ ᠴᠢᠨ᠂ ᠦᠨᠡᠯᠡᠮᠵᠢ ᠊ᠢᠢ ᠢᠯᠡᠳᠳᠡ ᠥᠰᠬᠡᠨ᠂ ᠡᠩᠬᠡ ᠊ᠢᠢ ᠳᠡᠮᠵᠢᠬᠦ ᠠᠵᠢᠯᠯᠠᠭᠠᠨ ᠊ᠳᠤ ᠵᠠᠮᠴᠢᠯᠠᠭᠰᠠᠨ ᠭᠠᠪᠢᠶᠠᠲᠠᠨ᠂ ᠮᠣᠩᠭᠣᠯ ᠤᠯᠤᠰ ᠤᠨ ᠵᠡᠪᠰᠡᠭᠲᠦ ᠬᠦᠴᠦᠨ ᠊ᠤ ᠨᠡᠷ᠎ᠡ ᠬᠦᠨᠳᠦ ᠊ᠢᠢ ᠳᠡᠯᠡᠬᠡᠢ ᠊ᠢᠢᠨ ᠲᠠᠪᠴᠠᠩ ᠊ᠳᠤ ᠡᠷᠭᠦᠵᠦ ᠶᠠᠪᠤᠭ᠎ᠠ ᠮᠣᠩᠭᠣᠯ ᠤᠯᠤᠰ ᠤᠨ ᠪᠠᠷᠢᠭᠠᠳᠠ ᠊ᠢᠢᠨ ᠭᠧᠨᠧᠷᠠᠯ ᠭ ∙ ᠪᠣᠯᠣᠷ ᠲᠠᠨ ᠊ᠳᠤ ᠠᠵᠢᠯ ᠤᠨ ᠠᠮᠵᠢᠯᠲᠠ ᠬᠦᠰᠡᠶ᠎ᠡ᠃

ᠨᠡᠶᠢᠲᠡᠯᠡᠭᠰᠡᠨ᠄