ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠪᠠᠩ ᠢᠺᠣᠺ ᠬᠣᠲᠠᠳ ᠵᠣᠬᠢᠶᠠᠨ ᠪᠠᠶᠢᠭᠤᠯᠤᠭᠳᠠᠵᠤ ᠪᠤᠢ 《ᠴᠠᠬᠢᠮ ᠣᠷᠣᠯᠴᠠᠭ᠎ᠠ ᠪᠠ ᠣᠯᠠᠨ ᠨᠡᠶᠢᠲᠡ ᠊ᠢᠢᠨ ᠬᠥᠭᠵᠢᠯ ᠤᠨ ᠠᠰᠠᠭᠤᠳᠠᠯᠠᠷᠠᠬ ᠪᠦᠰᠡ ᠊ᠢᠢᠨ ᠰᠧᠮᠢᠨᠠᠷ》 ᠍ ᠲᠤ ᠣᠷᠣᠯᠴᠠᠵᠤ ᠪᠠᠶᠢᠨ᠎ᠠ


ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠲᠠᠶᠢᠯᠠᠩᠳᠠ ᠊ᠢᠢᠨ ᠬᠠᠭᠠᠨᠲᠤ ᠤᠯᠤᠰ ᠤᠨ ᠪᠠᠩ ᠢᠺᠣᠺ ᠬᠣᠲᠣᠩ ᠊ᠢᠢᠠᠨ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠊ᠢᠢᠨ ᠠᠽᠢᠶ᠎ᠠ᠂ ᠨᠣᠮᠣᠬᠠᠨ ᠳᠠᠯᠠᠢ ᠊ᠢᠢᠨ ᠡᠳ᠋ ᠍ ᠊ᠢᠢᠨ ᠵᠠᠰᠠᠭ᠂ ᠨᠡᠶᠢᠭᠡᠮ ᠤᠨ ᠺᠣᠮᠢᠰ ᠡᠴᠠ ᠵᠣᠬᠢᠶᠠᠨ ᠪᠠᠶᠢᠭᠤᠯᠵᠤ ᠪᠤᠢ 《ᠴᠠᠬᠢᠮ ᠣᠷᠣᠯᠴᠠᠭ᠎ᠠ ᠪᠠ ᠣᠯᠠᠨ ᠨᠡᠶᠢᠲᠡ ᠊ᠢᠢᠨ ᠬᠥᠭᠵᠢᠯ ᠤᠨ ᠠᠰᠠᠭᠤᠳᠠᠯᠠᠷᠠᠬ ᠪᠥᠰᠡ ᠊ᠢᠢᠨ ᠰᠧᠮᠢᠨᠠᠷ》 ᠍ ᠊ᠳᠦ ᠣᠷᠣᠯᠴᠠᠵᠤ᠂ ᠮᠣᠩᠭᠣᠯ ᠤᠯᠤᠰ ᠤᠨ ᠴᠠᠬᠢᠮ ᠰᠢᠯᠵᠢᠯᠲᠡ᠂ ᠢᠷᠭᠡᠳ ᠤᠨ ᠴᠠᠬᠢᠮ ᠣᠷᠣᠯᠴᠠᠭᠠᠨ ᠊ᠤ ᠲᠠᠯ᠎ᠠ ᠪᠠᠷ ᠢᠯᠡᠳᠬᠡᠯ ᠲᠠᠨᠢᠯᠴᠠᠭᠤᠯᠤᠯ᠎ᠠ᠃

ᠡᠨᠡᠬᠦ ᠠᠷᠭ᠎ᠠ ᠬᠡᠮᠵᠢᠶᠡᠨ ᠊ᠳᠦ ᠠᠽᠢᠶ᠎ᠠ᠂ ᠨᠣᠮᠣᠬᠠᠨ ᠳᠠᠯᠠᠢ ᠊ᠢᠢᠨ ᠪᠦᠰᠡ ᠊ᠢᠢᠨ ᠑᠖ ᠣᠷᠣᠨ ᠊ᠤ ᠨᠡᠶᠢᠲᠡ ᠖᠐ ᠣᠷᠴᠢᠮ ᠲᠥᠯᠦᠭᠡᠯᠡᠯ ᠣᠷᠣᠯᠴᠠᠵᠤ᠂ ᠪᠦᠰᠡ ᠨᠤᠲᠤᠭ ᠤᠨ ᠲᠦᠪᠰᠢᠨ ᠊ᠳᠦ ᠲᠣᠭᠠᠨ ᠬᠤᠪᠢᠶᠠᠭᠳᠠᠯ᠂ ᠬᠥᠭᠵᠢᠯ ᠊ᠤᠨ ᠬᠡᠶᠢᠳᠡᠯ᠂ ᠬᠢᠮᠡᠯ ᠣᠶᠤᠨ ᠤᠬᠠᠭᠠᠨ ᠊ᠤ ᠬᠡᠷᠡᠭᠯᠡᠭᠡ ᠪᠣᠯᠤᠨ ᠠᠽᠢᠶ᠎ᠠ-ᠨᠣᠮᠣᠬᠠᠨ ᠳᠠᠯᠠᠢ ᠊ᠢᠢᠨ ᠪᠦᠰᠡ ᠨᠤᠲᠤᠭ ᠲᠤ ᠴᠠᠬᠢᠮ ᠣᠷᠣᠯᠴᠠᠭ᠎ᠠ᠂ ᠴᠠᠬᠢᠮ ᠥᠭᠡᠷᠡᠴᠢᠯᠡᠯᠲᠡ ᠊ᠢᠢ ᠠᠬᠢᠭᠤᠯᠬᠤ᠂ ᠴᠠᠬᠢᠮ ᠰᠣᠷᠢᠯᠲᠠ᠂ ᠪᠣᠯᠤᠮᠵᠢ᠂ ᠰᠠᠶᠢᠨ ᠲᠤᠷᠰᠢᠯᠭ᠎ᠠ᠂ ᠰᠢᠢᠳᠦᠯ ᠊ᠢᠢᠡᠨ ᠬᠤᠪᠢᠶᠠᠯᠴᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠊ᠢᠢᠨ ᠲᠧᠭᠨᠣᠯᠣᠭᠢ᠂ ᠣᠯᠠᠨ ᠨᠡᠶᠢᠲᠡ ᠊ᠢᠢᠨ ᠬᠥᠭᠵᠢᠯᠳᠦ ᠰᠢᠨ᠎ᠡ ᠬᠢᠯᠢ ᠊ᠢᠢᠨ ᠲᠧᠭᠨᠣᠯᠣᠭᠢ ᠊ᠢᠢᠨ ᠬᠡᠷᠡᠭᠯᠡᠭᠡ ᠶᠢ ᠰᠤᠳᠤᠯᠬᠤ᠂ ᠬᠠᠮᠲᠤ ᠶᠢᠨ ᠠᠵᠢᠯᠯᠠᠭ᠎ᠠ ᠊ᠢᠢ ᠥᠷᠭᠡᠵᠢᠭᠦᠯᠬᠦ ᠲᠠᠯ᠎ᠠ ᠪᠠᠷ ᠬᠡᠯᠡᠯᠴᠡᠵᠦ᠂ ᠰᠠᠨᠠᠯ ᠰᠣᠯᠢᠯᠴᠠᠪᠠ᠃

ᠨᠡᠶᠢᠲᠡᠯᠡᠭᠰᠡᠨ᠄