ᠵᠠᠷᠢᠮ ᠲᠥᠷᠦ ᠊ᠢᠢᠨ ᠪᠠᠶᠢᠭᠤᠯᠤᠯᠭ᠎ᠠ ᠨᠤᠭᠤᠳ ᠤᠨ ᠫᠷᠣᠭᠷᠠᠮ ᠬᠠᠩᠭᠠᠮᠵᠢ᠂ ᠰᠢᠰᠲ᠋ᠧᠮ ᠲᠡᠢ ᠲᠠᠨᠢᠯᠴᠠᠯ᠎ᠠ


ᠠᠶᠢᠮᠠᠭ᠂ ᠣᠷᠣᠨ ᠨᠤᠲᠤᠭ ᠲᠤ ᠲᠥᠷᠥ ᠊ᠢᠢᠨ ᠪᠠᠶᠢᠭᠤᠯᠤᠯᠭ᠎ᠠ ᠨᠤᠭᠤᠳ ᠴᠠᠬᠢᠮ ᠰᠢᠯᠵᠢᠯᠲᠡ ᠬᠢᠬᠦ ᠳᠦ ᠲᠡᠳᠡᠭᠡᠷ ᠤᠨ ᠴᠠᠬᠢᠮ ᠰᠢᠰᠲ᠋ᠧᠮ ᠤᠨ ᠰᠢᠢᠳᠦᠯ᠂ ᠫᠷᠣᠭᠷᠠᠮ ᠤᠨ ᠬᠡᠷᠡᠭᠯᠡᠭᠡ ᠬᠢᠯᠪᠠᠷ᠂ ᠨᠢᠭᠡᠳᠦᠭᠰᠡᠨ ᠪᠠᠶᠢᠬᠤ ᠨᠢ ᠴᠢᠬᠤᠯᠠ ᠶᠤᠮ᠃

《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢᠨ ᠬᠡᠷᠡᠭᠵᠢᠯᠲᠡ ᠊ᠢᠢ ᠬᠠᠩᠭᠠᠬᠤ ᠠᠵᠢᠯ ᠤᠨ ᠬᠡᠰᠡᠭ ᠥᠨᠥᠳᠥᠷ /᠒᠐᠒᠓.᠐᠙.᠑᠔/ ᠥᠪᠦᠷᠬᠠᠩᠭᠠᠢ ᠠᠶᠢᠮᠠᠭ ᠤᠨ ᠡᠷᠡᠭᠦᠯ ᠮᠡᠨᠳᠦ ᠊ᠢᠢᠨ ᠭᠠᠵᠠᠷ᠂ ᠬᠥᠳᠡᠯᠮᠦᠷᠢ ᠬᠠᠯᠠᠮᠵᠢ ᠦᠢᠯᠡᠴᠢᠯᠡᠭᠡᠨ ᠊ᠤ ᠭᠠᠵᠠᠷ᠂ ᠭᠠᠵᠠᠷ ᠤᠨ ᠬᠠᠷᠢᠯᠴᠠᠭ᠎ᠠ᠂ ᠪᠠᠷᠢᠯᠭ᠎ᠠ᠂ ᠬᠣᠲᠠ ᠪᠠᠶᠢᠭᠤᠯᠤᠯᠲᠠ ᠊ᠢᠢᠨ ᠭᠠᠵᠠᠷ᠂ ᠠᠷᠪᠠᠶᠢᠬᠦ ᠪᠡᠷ ᠰᠤᠮᠤ ᠊ᠢᠢᠨ 《ᠨᠠᠷᠠᠨ ᠊ᠤ ᠳᠥᠰᠢ》 ᠡᠷᠦᠬᠡ ᠊ᠢᠢᠨ ᠡᠷᠡᠭᠦᠯ ᠮᠡᠨᠳᠦ ᠊ᠢᠢᠨ ᠲᠥᠪ᠂ ᠶᠡᠷᠦᠩᠬᠡᠢ ᠪᠣᠯᠪᠠᠰᠤᠷᠠᠯ ᠤᠨ ᠒ ᠳ᠋ᠤᠭᠠᠷ ᠰᠤᠷᠭᠠᠭᠤᠯᠢ ᠊ᠳᠤ ᠬᠡᠷᠡᠭᠯᠡᠭᠳᠡᠵᠦ ᠪᠤᠢ ᠫᠷᠣᠭᠷᠠᠮ ᠬᠠᠩᠭᠠᠮᠵᠢ᠂ ᠰᠢᠰᠲ᠋ᠧᠮ ᠲᠡᠢ ᠲᠠᠨᠢᠯᠴᠠᠯ᠎ᠠ᠃

ᠡᠷᠡᠭᠦᠯ ᠮᠡᠨᠳᠦ ᠊ᠢᠢᠨ ᠭᠠᠵᠠᠷ ᠲᠤ ᠣᠳᠣ ᠠᠰᠢᠭᠯᠠᠵᠤ ᠪᠠᠶᠢᠭ᠎ᠠ ᠴᠠᠭ ᠠᠪᠬᠤ᠂ ᠦᠵᠡᠯᠭᠡ ᠊ᠢᠢᠨ ᠪᠦᠷᠢᠳᠬᠡᠯ᠂ ᠡᠮᠴᠢᠯᠡᠭᠡ᠂ ᠲᠠᠶᠢᠯᠤᠨ ᠪᠦᠷᠢᠳᠬᠡᠯ ᠤᠨ ᠰᠢᠰᠲ᠋ᠧᠮ ᠤᠳ ᠬᠣᠭᠣᠷᠣᠨᠳᠣ ᠪᠠᠨ ᠤᠶᠠᠯᠳᠤᠭ᠎ᠠ ᠦᠭᠡᠢ ᠣᠯᠠᠨ ᠫᠷᠣᠭᠷᠠᠮ ᠢ ᠬᠡᠷᠡᠭᠯᠡᠳᠡᠭ᠂ ᠮᠡᠳᠡᠭᠡᠯᠡᠯ ᠊ᠢ ᠰᠢᠪᠵᠢ ᠣᠷᠣᠭᠤᠯᠬᠤ ᠊ᠳᠤ ᠶᠡᠬᠡᠬᠡᠨ ᠴᠠᠭ ᠣᠷᠣᠳᠠᠭ ᠨᠢ ᠡᠮᠴᠢ᠂ ᠠᠵᠢᠯᠲᠠᠨ ᠨᠤᠭᠤᠳ ᠲᠤ ᠬᠦᠨᠳᠦᠷᠡᠯ ᠤᠴᠠᠷᠠᠭᠤᠯᠳᠠᠭ ᠪᠥᠭᠡᠳ ᠨᠡᠩ ᠲᠦᠷᠦᠭᠦᠨ ᠊ᠳᠦ ᠡᠳᠡᠭᠡᠷ ᠢ ᠨᠢᠭᠡᠳᠬᠡᠭᠰᠡᠨ ᠰᠢᠰᠲ᠋ᠧᠮ ᠢ ᠨᠡᠪᠲᠡᠷᠡᠭᠦᠯᠬᠦ ᠱᠠᠭᠠᠷᠳᠠᠯᠭ᠎ᠠ ᠪᠠᠶᠢᠭ᠎ᠠ ᠊ᠢᠢ ᠡᠮᠴᠢ ᠰᠤᠪᠢᠯᠠᠭᠴᠢ ᠨᠠᠷ ᠬᠡᠯᠡᠵᠦ ᠪᠠᠶᠢᠨ᠎ᠠ᠃

ᠬᠥᠳᠡᠯᠮᠦᠷᠢ ᠬᠠᠯᠠᠮᠵᠢ ᠦᠢᠯᠡᠴᠢᠯᠡᠭᠡᠨ ᠊ᠤ ᠭᠠᠵᠠᠷ ᠤᠨ ᠲᠤᠬᠠᠢ ᠊ᠳᠤ ᠪᠠᠭ ᠰᠤᠮᠤᠳ ᠲᠤ ᠢᠷᠭᠡᠨ ᠊ᠤ ᠮᠡᠳᠡᠭᠡᠯᠡᠯ ᠰᠢᠨᠡᠴᠢᠯᠡᠭᠳᠡᠬᠦ ᠦᠭᠡᠢ ᠤᠳᠤᠳᠠᠭ ᠡᠴᠠ ᠤᠯᠪᠠᠭᠠᠯᠠᠵᠤ ᠬᠠᠶ᠋ᠢᠭ ᠤᠨ ᠵᠥᠷᠢᠴᠡᠯ ᠭᠠᠷᠬᠤ᠂ ᠢᠷᠭᠡᠨ ᠊ᠤ ᠮᠡᠳᠡᠭᠡᠯᠡᠯ ᠵᠥᠷᠢᠬᠦ ᠠᠰᠠᠭᠤᠳᠠᠯ ᠤᠳ ᠶᠡᠬᠡᠬᠡᠨ ᠭᠠᠷᠳᠠᠭ ᠪᠠᠶᠢᠨ᠎ᠠ᠃ ᠮᠥᠨ ᠢᠷᠭᠡᠳ ᠤᠨ ᠣᠪᠤᠭ ᠨᠡᠷ᠎ᠡ᠂ ᠷᠧᠭᠢᠰᠲ᠋ᠧᠷ ᠤᠨ ᠳ᠋ᠤᠭᠠᠷ ᠵᠥᠷᠢᠬᠦ᠂ ᠬᠠᠯᠠᠮᠵᠢ᠂ ᠲᠡᠳᠬᠦᠮᠵᠢ᠂ ᠣᠷᠣᠰᠢᠭᠤᠯᠭ᠎ᠠ ᠊ᠢᠢᠨ ᠵᠠᠷᠤᠳᠠᠯ ᠵᠡᠷᠭᠡ ᠊ᠢᠢᠨ ᠮᠡᠳᠡᠭᠡᠯᠡᠯ ᠬᠤᠭᠤᠴᠠᠭᠠᠨ ᠡᠴᠠ ᠪᠠᠨ ᠬᠣᠴᠣᠷᠬᠤ ᠵᠡᠷᠭᠡ ᠠᠰᠠᠭᠤᠳᠠᠯ ᠤᠳ ᠪᠠᠶᠢᠭ᠎ᠠ ᠬᠡᠳᠦᠢ ᠴᠤ ᠰᠤᠳᠤᠯᠭ᠎ᠠ ᠲᠠᠶᠢᠯᠠᠩ ᠢ ᠦᠶ᠎ᠡ ᠱᠠᠲᠤ ᠲᠠᠢ ᠪᠠᠷ ᠵᠠᠰᠠᠪᠤᠷᠢᠯᠠᠨ ᠰᠠᠶᠢᠵᠢᠷᠠᠭᠤᠯᠵᠤ ᠪᠠᠶᠢᠨ᠎ᠠ᠃ ᠡᠨᠡ ᠦᠶ᠎ᠡ ᠪᠡᠷ ᠲᠥᠷᠥ ᠊ᠢᠢᠨ ᠪᠠᠶᠢᠭᠤᠯᠤᠯᠭ᠎ᠠ ᠨᠤᠭᠤᠳ ᠤᠨ ᠫᠷᠣᠭᠷᠠᠮ ᠤᠳ ᠤᠨ ᠰᠢᠰᠲ᠋ᠧᠮ ᠤᠶᠠᠯᠳᠤᠭ᠎ᠠ ᠲᠠᠢ᠂ ᠬᠤᠷᠳᠤᠨ ᠰᠢᠭᠤᠷᠬᠠᠢ ᠪᠠᠶᠢᠬᠤ ᠱᠠᠭᠠᠷᠳᠠᠯᠭ᠎ᠠ ᠪᠠᠶᠢᠭ᠎ᠠ ᠊ᠢᠢ ᠲᠤᠰ ᠪᠠᠶᠢᠭᠤᠯᠤᠯᠭ᠎ᠠ ᠊ᠢᠢᠨ ᠤᠳᠤᠷᠢᠳᠤᠯᠭ᠎ᠠ᠂ ᠮᠡᠷᠭᠡᠵᠢᠯᠲᠡᠨ ᠨᠦᠭᠦᠳ ᠣᠨᠴᠠᠯᠠᠵᠤ ᠪᠠᠶᠢᠪᠠ᠃

《ᠨᠠᠷᠠᠨ ᠊ᠤ ᠳᠥᠰᠢ》 ᠡᠷᠦᠬᠡ ᠊ᠢᠢᠨ ᠡᠷᠡᠭᠦᠯ ᠮᠡᠨᠳᠦ ᠊ᠢᠢᠨ ᠲᠥᠪ ᠨᠢ ᠠᠷᠪᠠᠶᠢᠬᠦ ᠪᠡᠷ ᠰᠤᠮᠤ ᠊ᠢᠢᠨ ᠕᠂ ᠖᠂ ᠑᠐᠂ ᠊᠑᠑᠂ ᠑᠓ ᠳ᠋ᠤᠭᠠᠷ ᠪᠠᠭ ᠤᠨ ᠑᠓᠔᠐᠐ ᠭᠠᠷᠤᠢ ᠢᠷᠭᠡᠨ ᠊ᠳᠦ ᠡᠮᠨᠡᠯᠭᠡ ᠊ᠢᠢᠨ ᠠᠩᠬᠠᠨ ᠱᠠᠲᠤᠨ ᠊ᠤ ᠦᠢᠯᠡᠴᠢᠯᠡᠭᠡ ᠊ᠢᠢ ᠦᠵᠡᠭᠦᠯᠵᠦ ᠪᠠᠶᠢᠨ᠎ᠠ᠃ ᠮᠥᠨ ᠲᠤᠰ ᠡᠷᠦᠬᠡ ᠊ᠢᠢᠨ ᠡᠮᠨᠡᠯᠭᠡ ᠊ᠳᠦ ᠠᠰᠢᠭᠯᠠᠳᠠᠭ ᠫᠷᠣᠭᠷᠠᠮ ᠢ ᠬᠥᠭᠵᠢᠭᠦᠯᠵᠦ᠂ ᠡᠮᠴᠢ ᠠᠵᠢᠯᠲᠠᠨ ᠨᠤᠭᠤᠳ ᠤᠨ ᠠᠵᠢᠯ ᠢ ᠬᠥᠩᠭᠡᠪᠴᠢᠯᠡᠬᠦ ᠱᠠᠭᠠᠷᠳᠠᠯᠭ᠎ᠠ ᠪᠠᠶᠢᠭ᠎ᠠ ᠊ᠢᠢ ᠬᠡᠯᠡᠵᠦ ᠪᠠᠶᠢᠨ᠎ᠠ᠃

ᠶᠡᠷᠦᠩᠬᠡᠢ ᠪᠣᠯᠪᠠᠰᠤᠷᠠᠯ ᠤᠨ ᠒ ᠳ᠋ᠤᠭᠠᠷ ᠰᠤᠷᠭᠠᠭᠤᠯᠢ ᠨᠢ ᠒᠖᠐᠐ ᠭᠠᠷᠤᠢ ᠰᠤᠷᠤᠭᠴᠢ ᠲᠠᠢ᠃ ᠣᠳᠣ ᠪᠠᠷ ᠪᠣᠯᠪᠠᠰᠤᠷᠠᠯ ᠤᠨ ᠨᠢᠭᠡᠳᠦᠭᠰᠡᠨ ᠮᠡᠳᠡᠭᠡᠯᠡᠯ ᠤᠨ ᠰᠢᠰᠲ᠋ᠧᠮ \ESES\ ᠠᠰᠢᠭᠯᠠᠳᠠᠭ ᠴᠤ ᠦᠶ᠎ᠡ ᠦᠶ᠎ᠡ ᠠᠴᠢᠶᠠᠯᠠᠯ ᠊ᠢᠢᠠᠨ ᠳᠡᠶᠢᠯᠬᠦ ᠦᠭᠡᠢ ᠭᠠᠴᠠᠵᠤ ᠬᠦᠨᠳᠦᠷᠡᠯ ᠤᠴᠠᠷᠠᠳᠠᠭ ᠪᠠᠶᠢᠨ᠎ᠠ᠃ ᠪᠣᠯᠪᠠᠰᠤᠷᠠᠯ᠂ ᠰᠢᠨᠵᠢᠯᠡᠬᠦ ᠤᠬᠠᠭᠠᠨ ᠊ᠤ ᠶᠠᠮᠤᠨ ᠡᠴᠠ ᠡᠨᠡ ᠬᠢᠴᠢᠶᠡᠯ ᠤᠨ ᠵᠢᠯ ᠊ᠳᠦ ᠪᠠᠭᠲᠠᠭᠠᠨ ᠶᠢᠬᠡ ᠨᠡᠭᠦᠳᠡᠯ ᠴᠠᠬᠢᠮ ᠰᠤᠷᠭᠠᠯᠲᠠ ᠊ᠢᠢᠨ ᠰᠢᠰᠲ᠋ᠧᠮ ᠢ ᠠᠰᠢᠭᠯᠠᠬᠤ ᠴᠢᠭᠯᠡᠯ ᠢ ᠥᠭᠴᠡᠢ᠃ ᠮᠥᠨ ᠴᠠᠬᠢᠮ ᠬᠡᠷᠡᠭᠯᠡᠭᠡᠨ ᠊ᠤ ᠪᠣᠯᠤᠨ ᠨᠥᠬᠥᠨ ᠬᠠᠩᠭᠠᠯᠲᠠ ᠊ᠢᠢᠨ ᠵᠠᠷᠤᠳᠠᠯ ᠢ ᠮᠡᠳᠡᠭᠡᠯᠡᠯ ᠤᠨ ᠲᠧᠭᠨᠣᠯᠣᠭᠢ ᠊ᠢᠢᠨ ᠰᠢᠰᠲ᠋ᠧᠮ᠂ ᠲᠣᠨᠣᠭ ᠲᠥᠬᠥᠭᠡᠷᠦᠮᠵᠢ ᠬᠤᠳᠠᠯᠳᠤᠨ ᠠᠪᠬᠤ᠂ ᠤᠲᠠᠰᠤ ᠦᠭᠡᠢ ᠢᠨᠲ᠋ᠧᠷᠨᠡᠲ ᠤᠨ ᠳᠡᠳ᠋ ᠪᠦᠲᠦᠴᠡ ᠪᠡᠨ ᠰᠠᠶᠢᠵᠢᠷᠠᠭᠤᠯᠬᠤ᠂ ᠪᠠᠭᠰᠢ ᠨᠠᠷ ᠢ ᠳᠠᠲ᠋ᠠ ᠨᠢᠭᠡᠴᠡ ᠪᠡᠷ ᠬᠠᠩᠭᠠᠬᠤ ᠵᠡᠷᠭᠡ ᠊ᠳᠦ ᠵᠠᠷᠤᠴᠠᠭᠤᠯᠬᠤ ᠴᠢᠭᠯᠡᠯ ᠊ᠢ ᠶᠠᠮᠤᠨ ᠡᠴᠠ ᠥᠭᠭᠦᠭᠰᠡᠨ ᠪᠠᠶᠢᠨ᠎ᠠ᠃

ᠡᠭᠦᠨ ᠡᠴᠡ ᠭᠠᠳᠠᠨ᠎ᠠ ᠠᠩᠭᠯᠢ ᠬᠡᠯᠡᠨ ᠊ᠤ ᠕᠂ ᠖ ᠳ᠋ᠤᠭᠠᠷ ᠠᠩᠬᠢ ᠊ᠢᠢᠨ ᠬᠥᠲᠥᠯᠪᠦᠷᠢ ᠊ᠢᠢᠨ PERSON ᠫᠷᠣᠭᠷᠠᠮ ᠨᠢ ᠰᠤᠷᠤᠭᠴᠢ ᠪᠦᠷᠢ ᠥᠨᠳᠥᠷ ᠦᠵᠡᠭᠦᠯᠦᠯᠲᠡ ᠲᠡᠢ ᠤᠬᠠᠭᠠᠯᠢᠭ ᠭᠠᠷ ᠤᠲᠠᠰᠤ ᠲᠠᠢ ᠪᠠᠶᠢᠬᠤ ᠊ᠢᠢ ᠱᠠᠭᠠᠷᠳᠠᠵᠤ ᠪᠠᠶᠢᠭ᠎ᠠ ᠨᠢ ᠬᠡᠦᠬᠡᠳ ᠤᠳ ᠵᠢᠭᠳᠡ ᠮᠡᠳᠡᠭᠡᠯᠡᠯ ᠠᠪᠬᠤ᠂ ᠲᠡᠭᠰᠢ ᠰᠤᠷᠤᠯᠴᠠᠬᠤ ᠪᠣᠯᠤᠮᠵᠢ ᠊ᠢᠢ ᠬᠢᠵᠠᠭᠠᠷᠯᠠᠵᠤ ᠪᠠᠶᠢᠭ᠎ᠠ ᠊ᠢᠢ ᠳᠡᠭᠡᠷᠡᠬᠢ ᠰᠤᠷᠭᠠᠭᠤᠯᠢ ᠊ᠢᠢᠨ ᠤᠳᠤᠷᠢᠳᠤᠯᠭ᠎ᠠ ᠨᠤᠭᠤᠳ ᠬᠡᠯᠡᠵᠦ ᠪᠠᠶᠢᠯ᠎ᠠ᠃

ᠨᠡᠶᠢᠲᠡᠯᠡᠭᠰᠡᠨ᠄