ᠪᠠᠶᠠᠨᠬᠣᠩᠭᠣᠷ ᠠᠶᠢᠮᠠᠭ ᠲᠤ ᠲᠥᠷᠥ ᠊ᠢᠢᠨ ᠴᠠᠬᠢᠮ ᠦᠢᠯᠡᠴᠢᠯᠡᠭᠡᠨ ᠊ᠤ《ᠬᠤᠷᠳᠤᠨ》 ᠲᠥᠪ ᠤᠨ ᠒ ᠴᠡᠭ ᠰᠢᠨ᠎ᠡ ᠪᠡᠷ ᠨᠡᠭᠡᠭᠡᠭᠳᠡᠯ᠎ᠡ


ᠲᠥᠷᠥ ᠊ᠢᠢᠨ ᠦᠢᠯᠡᠴᠢᠯᠡᠭᠡ ᠊ᠢᠢ ᠴᠠᠬᠢᠮᠵᠢᠭᠤᠯᠬᠤ᠂ ᠬᠦᠮᠦᠨ᠂ ᠬᠠᠤᠯᠢ ᠊ᠢᠢᠨ ᠡᠲᠡᠭᠡᠳ ᠲᠦ ᠲᠦᠷᠭᠡᠨ ᠰᠢᠭᠤᠷᠬᠠᠢ ᠬᠦᠷᠭᠡᠬᠦ᠂ ᠲᠥᠷᠥ ᠊ᠢᠢᠨ ᠦᠢᠯᠡᠴᠢᠯᠡᠭᠡᠨ ᠊ᠤ 《ᠬᠤᠷᠳᠤᠨ》 ᠲᠥᠪ ᠤᠨ ᠠᠩᠬᠠᠨ ᠊ᠤ ᠴᠡᠭ ᠊ᠢ ᠪᠠᠶᠠᠨᠬᠣᠩᠭᠣᠷ ᠠᠶᠢᠮᠠᠭ ᠲᠤ ᠒᠐᠒᠓ ᠣᠨ ᠊ᠤ ᠐᠕ ᠳ᠋ᠤᠭᠠᠷ ᠰᠠᠷ᠎ᠠ ᠊ᠢᠢᠨ ᠑᠓ ᠍ ᠊ᠤ ᠡᠳᠦᠷ ᠨᠡᠭᠡᠭᠡᠭᠰᠡᠨ ᠪᠣᠯ ᠥᠨᠥᠳᠥᠷ (᠒᠐᠒᠓.᠐᠙.᠑᠓) ᠪᠠᠶᠠᠨᠬᠣᠩᠭᠣᠷ ᠠᠶᠢᠮᠠᠭ ᠤᠨ ᠨᠢᠭᠡᠳᠦᠭᠰᠡᠨ ᠡᠮᠨᠡᠯᠭᠡ ᠊ᠢᠢᠨ ᠪᠠᠶᠢᠷᠢ᠂ ᠪᠠᠷᠠᠭᠤᠨ ᠪᠥᠰᠡ ᠊ᠢᠢᠨ ᠬᠤᠳᠠᠯᠳᠤᠭᠠᠨ ᠊ᠤ ᠲᠥᠪ ᠲᠦ ᠳᠠᠬᠢᠨ ᠒ ᠴᠡᠭ ᠊ᠢ ᠰᠢᠨ᠎ᠡ ᠪᠡᠷ ᠨᠡᠭᠡᠭᠡᠯ᠎ᠡ᠃

ᠲᠥᠷᠥ ᠊ᠢᠢᠨ ᠴᠠᠬᠢᠮ ᠦᠢᠯᠡᠴᠢᠯᠡᠭᠡᠨ ᠊ᠤ ᠪᠠᠶᠠᠨᠬᠣᠩᠭᠣᠷ ᠠᠶᠢᠮᠠᠭ ᠳᠠᠬᠢ 《ᠬᠤᠷᠳᠤᠨ》 ᠓ ᠴᠡᠭ ᠡᠴᠡ ᠲᠤᠰ ᠠᠶᠢᠮᠠᠭ ᠤᠨ ᠙᠐᠂᠐᠐᠐ ᠣᠷᠴᠢᠮ ᠢᠷᠭᠡᠳ ᠲᠥᠷᠥ ᠊ᠢᠢᠨ ᠓᠕ ᠪᠠᠶᠢᠭᠤᠯᠤᠯᠭ᠎ᠠ ᠊ᠢᠢᠨ ᠔᠔᠐ ᠦᠢᠯᠡᠴᠢᠯᠡᠭᠡ ᠊ᠢᠢ ᠬᠠᠮᠢᠭ᠎ᠠ ᠡᠴᠠ ᠴᠤ ᠣᠶᠢᠷ᠎ᠠ᠂ ᠨᠢᠭᠡ ᠳᠣᠣᠷ᠎ᠠ ᠡᠴᠠ ᠠᠪᠬᠤ ᠪᠣᠯᠤᠮᠵᠢ ᠪᠥᠷᠢᠳᠴᠦ ᠪᠠᠶᠢᠨ᠎ᠠ᠃

ᠡᠨᠡ ᠣᠨ ᠊ᠤ ᠐᠘ ᠳ᠋ᠤᠭᠠᠷ ᠰᠠᠷ᠎ᠠ ᠊ᠢᠢᠨ ᠪᠠᠶᠢᠳᠠᠯ ᠊ᠢᠢᠠᠷ ᠪᠠᠶᠠᠨᠬᠣᠩᠭᠣᠷ ᠠᠶᠢᠮᠠᠭ ᠤᠨ 《ᠬᠤᠷᠳᠤᠨ》 ᠲᠥᠪ ᠨᠢ ᠗᠑᠗᠘ ᠢᠷᠭᠡᠨ ᠊ᠳᠦ ᠦᠢᠯᠡᠴᠢᠯᠡᠭᠰᠡᠨ ᠡᠴᠡ ᠒᠔᠐᠓ ᠪᠤᠶᠤ ᠓᠑᠂᠒ ᠬᠤᠪᠢ ᠮᠠᠯᠴᠢᠳ ᠪᠠᠶᠢᠨ᠎ᠠ᠃

ᠲᠥᠷᠥ ᠊ᠢᠢᠨ ᠦᠢᠯᠡᠴᠢᠯᠡᠭᠡ ᠬᠠᠮᠢᠭ᠎ᠠ ᠡᠴᠠ ᠴᠤ ᠣᠶᠢᠷ᠎ᠠ ᠬᠤᠷᠳᠤᠨ.᠃

ᠨᠡᠶᠢᠲᠡᠯᠡᠭᠰᠡᠨ᠄