ᠥᠪᠦᠷᠬᠠᠩᠭᠠᠢ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ ᠲᠠᠢ ᠠᠭᠤᠯᠵᠠᠯᠲᠠ ᠵᠣᠬᠢᠶᠠᠨ ᠪᠠᠶᠢᠭᠤᠯᠤᠯ᠎ᠠ


《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢᠨ ᠬᠡᠷᠡᠭᠵᠢᠯᠲᠡ ᠊ᠢᠢ ᠬᠠᠩᠭᠠᠬᠤ ᠠᠵᠢᠯ ᠤᠨ ᠬᠡᠰᠡᠭ ᠥᠪᠦᠷᠬᠠᠩᠭᠠᠢ ᠠᠶᠢᠮᠠᠭ ᠲᠤ ᠠᠵᠢᠯᠯᠠᠵᠤ ᠪᠠᠶᠢᠨ᠎ᠠ᠃ ᠥᠨᠥᠳᠥᠷ ᠤᠨ /᠒᠐᠒᠓.᠐᠙.᠑᠓/ ᠲᠠᠨᠢᠯᠴᠠᠭᠤᠯᠭ᠎ᠠ ᠮᠡᠳᠡᠭᠡᠯᠡᠯ᠂ ᠰᠤᠷᠭᠠᠯᠲᠠ ᠊ᠢᠢᠨ ᠦᠢᠯᠡ ᠠᠵᠢᠯᠯᠠᠭ᠎ᠠ ᠊ᠢᠢ ᠲᠤᠰ ᠠᠶᠢᠮᠠᠭ ᠳ᠋ᠠᠬᠢ ᠲᠥᠷᠦ ᠊ᠢᠢᠨ ᠴᠠᠬᠢᠮ ᠦᠢᠯᠡᠴᠢᠯᠡᠭᠡᠨ ᠊ᠤ ᠬᠡᠯᠲᠡᠰ ᠊ᠤᠨ ᠳᠠᠷᠤᠭ᠎ᠠ ᠨ ∙ ᠰᠢᠷᠴᠢᠨ ᠨᠡᠭᠡᠭᠡᠵᠦ᠂ ᠥᠪᠦᠷᠬᠠᠩᠭᠠᠢ ᠠᠶᠢᠮᠠᠭ ᠲᠤ ᠴᠠᠬᠢᠮ ᠰᠢᠯᠵᠢᠯᠲᠡ ᠊ᠢᠢᠨ ᠬᠦᠷᠢᠶᠡᠨ ᠊ᠳᠦ ᠬᠡᠷᠡᠭᠵᠢᠭᠦᠯᠵᠦ ᠪᠤᠢ ᠲᠥᠰᠦᠯ᠂ ᠠᠷᠭ᠎ᠠ ᠬᠡᠮᠵᠢᠶ᠎ᠡ ᠊ᠢᠢ ᠲᠠᠨᠢᠯᠴᠠᠭᠤᠯᠤᠯ᠎ᠠ᠃

‍ᠡᠭᠦᠨ ᠊ᠤ ᠳᠠᠷᠠᠭ᠎ᠠ ᠪᠠᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠪ ∙ ᠭᠠᠩᠪᠠᠲᠤ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠠᠪᠴᠤ ᠬᠡᠷᠡᠭᠵᠢᠭᠦᠯᠵᠦ ᠪᠤᠢ ᠪᠣᠳᠣᠯᠭ᠎ᠠ᠂ ᠠᠷᠭ᠎ᠠ ᠬᠡᠮᠵᠢᠶᠡᠨ ᠊ᠤ ᠲᠠᠯ᠎ᠠ ᠪᠠᠷ ᠲᠠᠨᠢᠯᠴᠠᠭᠤᠯᠤᠭᠰᠠᠨ ᠪᠣᠯ ᠼᠠ᠊ ᠬᠥ᠊ ᠬᠠ᠊ ᠬᠣ᠊ ᠶᠠ᠊ ᠨᠡᠶᠢᠲᠡ ᠊ᠢᠢᠨ ᠮᠡᠳᠡᠭᠡᠯᠡᠯ ᠊ᠤᠨ ᠳᠡᠳ᠋ ᠪᠦᠲᠦᠴᠡ ᠊ᠢᠢᠨ ᠬᠡᠯᠲᠡᠰ ᠤᠨ ᠳᠠᠷᠤᠭ᠎ᠠ ᠳ ∙ ᠪᠠᠲᠤᠪᠠᠶᠠᠷ 《ᠴᠠᠬᠢᠮ ᠠᠶᠢᠮᠠᠭ ᠪᠣᠳᠣᠯᠭ᠎ᠠ ᠊ᠢᠢᠨ ᠵᠥᠪᠯᠡᠮᠵᠢ》 ᠍ ᠊ᠤᠨ ᠲᠠᠯ᠎ᠠ ᠪᠠᠷ ᠮᠡᠳᠡᠭᠡᠯᠡᠯ ᠬᠢᠯ᠎ᠡ᠃

ᠮᠥᠨ ᠲᠥ᠊ ᠼᠠ᠊ ᠦ᠊ ᠽᠣ᠊ ᠭᠠ᠊-ᠤᠨ ᠰᠤᠷᠭᠠᠯᠲᠠ ᠬᠥᠭᠵᠢᠯ ᠤᠨ ᠠᠬᠠᠯᠠᠬᠤ ᠮᠡᠷᠭᠡᠵᠢᠯᠲᠡᠨ ᠵ ∙ ᠬᠦᠷᠢᠯᠴᠢᠮᠡᠭ ᠲᠤᠰ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ ᠲᠤ 《ᠴᠠᠬᠢᠮ ᠰᠢᠯᠵᠢᠯᠲᠡ ᠊ᠢᠢ ᠦᠨᠡᠯᠡᠬᠦ ᠰᠢᠯᠭᠠᠭᠤᠷ ᠦᠵᠡᠭᠦᠯᠦᠯᠲᠡ᠂ ᠠᠷᠭ᠎ᠠ ᠵᠦᠢ》 ᠰᠡᠳᠦᠪ ᠊ᠢᠢᠡᠷ ᠰᠤᠷᠭᠠᠯᠲᠠ ᠊ᠢᠢ ᠵᠣᠬᠢᠶᠠᠨ ᠪᠠᠶᠢᠭᠤᠯᠵᠤ᠂ ᠑᠐᠐ ᠭᠠᠷᠤᠢ ᠲᠥᠷᠥ ᠊ᠢᠢᠨ ᠠᠯᠪᠠᠨ ᠬᠠᠭᠠᠭᠴᠢ ᠬᠠᠮᠤᠷᠤᠭᠳᠠᠯ᠎ᠠ᠃

ᠳᠡᠭᠡᠷᠡᠬᠢ ᠰᠤᠷᠭᠠᠯᠲᠠ ᠊ᠳᠤ ᠣᠷᠣᠯᠴᠠᠭᠰᠠᠨ ᠲᠥᠷᠦ ᠊ᠢᠢᠨ ᠠᠯᠪᠠᠨ ᠬᠠᠭᠠᠭᠴᠢᠳ ᠡᠨᠡ ᠦᠶ᠎ᠡ ᠪᠡᠷ ᠴᠠᠬᠢᠮ ᠰᠢᠯᠵᠢᠯᠲᠡ ᠲᠡᠢ ᠬᠣᠯᠪᠣᠭ᠎ᠠ ᠲᠠᠢ ᠲᠤᠯᠭᠠᠮᠳᠠᠵᠤ ᠪᠤᠢ ᠠᠰᠠᠭᠤᠳᠠᠯ ᠤᠳ ᠊ᠢᠢᠠᠷ ᠬᠣᠯᠪᠣᠭᠳᠠᠬᠤ ᠠᠯᠪᠠᠨ ᠊ᠤ ᠌ ᠬᠢᠨ ᠡᠴᠠ ᠲᠣᠳᠣᠷᠬᠠᠢ ᠬᠠᠷᠢᠭᠤᠯᠲᠠ ᠊ᠢᠢ ᠠᠪᠤᠭᠰᠠᠨ ᠶᠤᠮ᠃

ᠠᠶᠢᠮᠠᠭ ᠤᠨ ᠬᠡᠮᠵᠢᠶᠡᠨ ᠊ᠳᠦ ᠨᠡᠶᠢᠲᠡ ᠗᠙᠘᠙᠗ ᠢᠷᠭᠡᠨ ᠢ ᠲᠣᠭᠠᠨ ᠭᠠᠷ ᠤᠨ ᠦᠰᠦᠭ ᠲᠡᠢ ᠪᠣᠯᠭᠠᠬᠤ ᠪᠠᠷ ᠲᠣᠭᠠᠴᠠᠭᠰᠠᠨ ᠡᠼᠠ ᠣᠳᠣ ᠪᠠᠷ ᠓᠔᠐᠑᠔ ᠪᠤᠶᠤ ᠕᠓.᠑ ᠬᠤᠪᠢ ᠨᠢ ᠲᠣᠭᠠᠨ ᠭᠠᠷ ᠤᠨ ᠦᠰᠦᠭ ᠲᠡᠢ ᠪᠣᠯᠤᠭᠰᠠᠨ ᠪᠠᠶᠢᠨ᠎ᠠ᠃
ᠮᠥᠨ ᠠᠶᠢᠮᠠᠭ ᠤᠨ ᠪᠦᠬᠦ ᠰᠤᠮᠤ ᠊ᠳᠤ᠂ ᠨᠤᠲᠤᠭ ᠳᠡᠪᠢᠰᠬᠡᠷ ᠊ᠤᠨ ᠘᠕ ᠬᠤᠪᠢ ᠨᠢ ᠥᠨᠳᠥᠷ ᠬᠤᠷᠳᠤᠨ ᠊ᠤ ᠓G᠂ ᠔G ᠰᠦᠯᠵᠢᠶᠡᠨ ᠊ᠳᠦ ᠬᠣᠯᠪᠣᠭᠳᠠᠵᠠᠢ᠃

ᠲᠤᠰ ᠠᠶᠢᠮᠠᠭ ᠤᠨ ᠬᠡᠮᠵᠢᠶᠡᠨ ᠊ᠳᠦ ᠭᠤᠷᠪᠠ ᠪᠠᠶᠢᠷᠢᠰᠢᠯ ᠊ᠳᠤ 《ᠬᠤᠷᠳᠤᠨ》 ᠴᠡᠭ ᠠᠵᠢᠯᠯᠠᠵᠤ ᠪᠠᠶᠢᠭ᠎ᠠ ᠪᠥᠭᠡᠳ ᠡᠨᠡ ᠰᠠᠷ᠎ᠠ ᠳᠤ ᠳᠠᠬᠢᠨ ᠨᠢᠭᠡ ᠴᠡᠭ ᠢ ᠨᠡᠭᠡᠭᠡᠬᠦ ᠪᠡᠷ ᠲᠥᠯᠥᠪᠯᠡᠭᠰᠡᠨ ᠪᠠᠶᠢᠨ᠎ᠠ᠃

ᠨᠡᠶᠢᠲᠡᠯᠡᠭᠰᠡᠨ᠄