ᠠᠷᠤᠬᠠᠩᠭᠠᠢ ᠠᠶᠢᠮᠠᠭ ᠤᠨ ᠕ ᠪᠠᠶᠢᠭᠤᠯᠤᠯᠭ᠎ᠠ ᠊ᠢᠢᠨ ᠴᠠᠬᠢᠮᠵᠢᠯᠲᠠ ᠊ᠢᠢᠨ ᠰᠢᠰᠲ᠋ᠧᠮ ᠲᠡᠢ ᠲᠠᠨᠢᠯᠴᠠᠯ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠪᠣᠯᠪᠠᠰᠤᠷᠠᠭᠤᠯᠤᠨ ᠪᠠᠲᠤᠯᠠᠭᠰᠠᠨ 《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢ ᠠᠶᠢᠮᠠᠭ᠂ ᠣᠷᠣᠨ ᠨᠤᠲᠤᠭ ᠲᠤ ᠰᠤᠷᠲᠠᠯᠴᠢᠯᠠᠨ ᠲᠠᠨᠢᠭᠤᠯᠵᠤ᠂ ᠬᠡᠷᠡᠭᠵᠢᠯᠲᠡ ᠢᠢ ᠬᠠᠩᠭᠠᠬᠤ ᠊ᠳᠤ ᠮᠡᠷᠭᠡᠵᠢᠯ ᠠᠷᠭ᠎ᠠ ᠵᠦᠢ᠂ ᠪᠣᠳᠣᠯᠭ᠎ᠠ ᠊ᠢᠢᠨ ᠳᠡᠮᠵᠢᠯᠭᠡ ᠦᠵᠡᠭᠦᠯᠬᠦ ᠴᠢᠭ ᠡᠭᠦᠷᠭᠡ ᠪᠦᠬᠦᠢ ᠠᠵᠢᠯ ᠤᠨ ᠬᠡᠰᠡᠭ ᠠᠷᠤᠬᠠᠩᠭᠠᠢ ᠠᠶᠢᠮᠠᠭ ᠲᠤ ᠒ ᠳ᠋ᠠᠬᠢ ᠡᠳᠦᠷ ᠊ᠢᠢᠡᠨ ᠠᠵᠢᠯᠯᠠᠯ᠎ᠠ᠃

ᠲᠤᠰ ᠠᠵᠢᠯ ᠤᠨ ᠬᠡᠰᠡᠭ ᠤᠨ ᠠᠬᠠᠯᠠᠬᠤ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠪ ∙ ᠭᠠᠩᠪᠠᠲᠤ ᠠᠷᠤᠬᠠᠩᠭᠠᠢ ᠠᠶᠢᠮᠠᠭ ᠤᠨ ᠬᠥᠳᠡᠯᠮᠦᠷᠢ ᠬᠠᠯᠠᠮᠵᠢ ᠊ᠢᠢᠨ ᠦᠢᠯᠡᠴᠢᠯᠡᠭᠡᠨ ᠊ᠤ ᠭᠠᠵᠠᠷ᠂ ᠴᠡᠴᠡᠷᠯᠢᠭ-ᠪᠠᠭ᠎ᠠ ᠪᠣᠯᠪᠠᠰᠤᠷᠠᠯ ᠤᠨ ᠢᠷᠡᠭᠡᠳᠦᠢ ᠴᠣᠭᠴᠠᠯᠠᠪᠤᠷᠢ ᠂ ᠶᠡᠷᠦᠩᠬᠡᠢ ᠪᠣᠯᠪᠠᠰᠤᠷᠠᠯ ᠤᠨ ᠒ ᠳ᠋ᠤᠭᠠᠷ ᠰᠤᠷᠭᠠᠭᠤᠯᠢ᠂ ᠠᠶᠢᠮᠠᠭ ᠤᠨ ᠨᠢᠭᠡᠳᠦᠭᠰᠡᠨ ᠡᠮᠨᠡᠯᠭᠡ᠂ ᠡᠷᠳᠡᠨᠢᠪᠤᠯᠭᠠᠨ ᠰᠤᠮᠤ ᠊ᠢᠢᠨ ᠒ ᠳ᠋ᠤᠭᠠᠷ ᠪᠠᠭ ᠤᠨ ᠥ᠊ ᠡ᠊ ᠮᠡ᠊ ᠲᠥ᠊ ᠍-᠊ᠳᠦ ᠵᠡᠷᠭᠡ ᠪᠠᠶᠢᠭᠤᠯᠤᠯᠭ᠎ᠠ ᠨᠤᠭᠤᠳ ᠲᠤ ᠬᠡᠷᠡᠭᠯᠡᠭᠳᠡᠵᠦ ᠪᠤᠢ ᠫᠷᠣᠭᠷᠠᠮ ᠬᠠᠩᠭᠠᠮᠵᠢ᠂ ᠰᠢᠰᠲ᠋ᠧᠮ ᠲᠡᠢ ᠲᠠᠨᠢᠯᠴᠠᠵᠤ᠂ ᠰᠠᠨᠠᠯ ᠰᠣᠯᠢᠯᠴᠠᠯ᠎ᠠ᠃

ᠡᠨᠡ ᠬᠦᠷᠢᠶᠡᠨ ᠊ᠳᠦ ᠡᠳᠡᠭᠡᠷ ᠠᠩᠬᠠᠨ ᠱᠠᠲᠤᠨ ᠊ᠤ ᠪᠠᠶᠢᠭᠤᠯᠤᠯᠭ᠎ᠠ ᠨᠤᠭᠤᠳ ᠤᠨ ᠤᠶᠠᠯᠳᠤᠭ᠎ᠠ ᠬᠣᠯᠪᠣᠭ᠎ᠠ ᠊ᠢᠢ ᠬᠠᠩᠭᠠᠬᠤ᠂ ᠫᠷᠣᠭᠷᠠᠮ ᠬᠠᠩᠭᠠᠮᠵᠢ ᠊ᠢᠢᠨ ᠬᠡᠷᠡᠭᠯᠡᠭᠡ ᠠᠰᠢᠭᠯᠠᠯᠲᠠ ᠊ᠢᠢ ᠨᠢ ᠨᠡᠮᠡᠭᠳᠡᠭᠦᠯᠬᠦ᠂ ᠳᠡᠭᠡᠷᠡᠬᠢ ᠪᠠᠶᠢᠭᠤᠯᠤᠯᠭ᠎ᠠ ᠨᠤᠭᠤᠳ ᠲᠤ ᠠᠵᠢᠯᠯᠠᠵᠤ ᠪᠠᠶᠢᠭ᠎ᠠ ᠲᠥᠷᠥ ᠊ᠢᠢᠨ ᠠᠯᠪᠠᠨ ᠬᠠᠭᠠᠭᠴᠢᠳ ᠤᠨ ᠠᠵᠢᠯ᠂ ᠦᠢᠯᠡᠴᠢᠯᠡᠭᠡ ᠶᠢ ᠬᠢᠯᠪᠠᠷᠴᠢᠯᠠᠬᠤ ᠴᠢᠭᠯᠡᠯ ᠊ᠢᠢᠡᠷ ᠬᠣᠯᠪᠣᠭᠳᠠᠬᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠵᠤ ᠠᠵᠢᠯᠯᠠᠬᠤ ᠪᠠᠷ ᠪᠣᠯᠤᠯ᠎ᠠ᠃

ᠨᠡᠶᠢᠲᠡᠯᠡᠭᠰᠡᠨ᠄