ᠭᠣᠪᠢ-ᠠᠯᠲᠠᠢ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ ᠲᠤ 《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ ᠊ᠢᠢ ᠲᠠᠨᠢᠯᠴᠠᠭᠤᠯᠤᠯ᠎ᠠ


《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ᠂ ᠰᠤᠷᠭᠠᠯᠲᠠ᠂ ᠰᠤᠳᠤᠯᠭ᠎ᠠ᠂ ᠦᠨᠡᠯᠡᠭᠡ ᠠᠷᠭ᠎ᠠ ᠬᠡᠮᠵᠢᠶᠡᠨ ᠊ᠤ ᠬᠦᠷᠢᠶᠡᠨ ᠊ᠳᠦ ᠭᠣᠪᠢ-ᠠᠯᠲᠠᠢ ᠠᠶᠢᠮᠠᠭ ᠤᠨ ᠲᠥᠷᠥ ᠊ᠢᠢᠨ ᠠᠯᠪᠠᠨ ᠬᠠᠭᠠᠭᠴᠢᠳ ᠲᠠᠢ ᠠᠭᠤᠯᠵᠠᠯᠲᠠ ᠵᠣᠬᠢᠶᠠᠨ ᠪᠠᠶᠢᠭᠤᠯᠤᠯ᠎ᠠ᠃

ᠠᠭᠤᠯᠵᠠᠯᠲᠠ ᠪᠠᠷ ᠼᠠ᠊ ᠬᠥ᠊ ᠬᠠ᠊ ᠬᠣ᠊-᠊ᠤ ᠳᠡᠳ᠋ ᠰᠠᠶᠢᠳ ᠵ ∙ ᠡᠷᠬᠢᠮᠪᠠᠭᠠᠲᠤᠷ ᠼᠠ᠊ ᠬᠥ᠊ ᠬᠠ᠊ ᠬᠣ᠊ ᠶᠠ᠊- ᠡᠴᠠ ᠬᠡᠷᠡᠭᠵᠢᠭᠦᠯᠵᠦ ᠪᠤᠢ ᠪᠣᠳᠣᠯᠭ᠎ᠠ᠂ ᠦᠢᠯᠡ ᠠᠵᠢᠯᠯᠠᠭ᠎ᠠ ᠊ᠢᠢ ᠲᠠᠨᠢᠯᠴᠠᠭᠤᠯᠵᠤ᠂ ᠢ-ᠮᠣᠩᠭᠣᠯ ᠠᠺᠠᠳᠧᠮᠢ ᠤ᠊ ᠲᠥ᠊ ᠦ᠊ ᠭᠠ᠊ ᠍ ᠤᠨ ᠰᠠᠯᠪᠤᠷᠢ ᠳᠤᠮᠳᠠ ᠊ᠢᠢᠨ ᠵᠣᠬᠢᠴᠠᠭᠤᠯᠤᠯᠲᠠ ᠊ᠢᠢᠨ ᠭᠠᠵᠠᠷ ᠤᠨ ᠳᠠᠷᠤᠭ᠎ᠠ ᠬ ∙ ᠡᠩᠬᠡᠮᠠᠩᠯᠠᠢ 《ᠴᠠᠬᠢᠮ ᠠᠶᠢᠮᠠᠭ》 ᠪᠣᠳᠣᠯᠭ᠎ᠠ ᠊ᠢᠢᠨ ᠵᠥᠪᠯᠡᠮᠵᠢ᠂ ᠭᠣᠪᠢ-ᠠᠯᠲᠠᠢ ᠠᠶᠢᠮᠠᠭ ᠤᠨ ᠲᠥ᠊ ᠼᠠ᠊ ᠦ᠊ ᠽᠣ᠊ ᠭᠠ᠊ ᠍ ᠤᠨ ᠳᠠᠷᠤᠭ᠎ᠠ ᠳ ∙ ᠰᠤᠮᠢᠶᠠᠪᠠᠽᠠᠷ ᠠᠶᠢᠮᠠᠭ ᠤᠨ ᠴᠠᠬᠢᠮ ᠰᠢᠯᠵᠢᠯᠲᠡ ᠊ᠢᠢᠨ ᠲᠠᠯ᠎ᠠ ᠪᠠᠷ ᠬᠡᠷᠡᠭᠵᠢᠭᠦᠯᠦᠭᠰᠡᠨ ᠠᠷᠭ᠎ᠠ ᠬᠡᠮᠵᠢᠶ᠎ᠡ ᠨᠦᠭᠦᠳ ᠢ ᠲᠠᠨᠢᠯᠴᠠᠭᠤᠯᠤᠭᠰᠠᠨ ᠪᠣᠯ ᠢ-ᠮᠣᠩᠭᠣᠯ ᠤ᠊ ᠲᠥ᠊ ᠦ᠊ ᠭᠠ᠊ ᠍ ᠤᠨ ᠰᠠᠯᠪᠤᠷᠢ ᠳᠤᠮᠳᠠ ᠊ᠢᠢᠨ ᠵᠣᠬᠢᠴᠠᠭᠤᠯᠤᠯᠲᠠ ᠊ᠢᠢᠨ ᠭᠠᠵᠠᠷ ᠤᠨ ᠫᠷᠣᠼᠧᠰᠰ ᠠᠨᠠᠯᠢᠰᠲ ᠫ ∙ ᠣᠷᠭᠢᠯ 《ᠴᠠᠬᠢᠮ ᠰᠢᠯᠵᠢᠯᠲᠡ ᠶᠢ ᠦᠨᠡᠯᠡᠬᠦ ᠰᠢᠯᠭᠠᠭᠤᠷ ᠦᠵᠡᠭᠦᠯᠦᠯᠲᠡ᠂ ᠠᠷᠭ᠎ᠠ ᠵᠦᠢ》 ᠍ ᠤᠨ ᠲᠠᠯ᠎ᠠ ᠪᠠᠷ ᠰᠤᠷᠭᠠᠯᠲᠠ ᠤᠷᠤᠪᠠ᠃

ᠠᠭᠤᠯᠵᠠᠯᠲᠠ ᠊ᠳᠤ ᠭᠣᠪᠢ-ᠠᠯᠲᠠᠢ ᠠᠶᠢᠮᠠᠭ ᠤᠨ ᠲᠥᠷᠥ ᠊ᠢᠢᠨ ᠕᠐ ᠣᠷᠴᠢᠮ ᠪᠠᠶᠢᠭᠤᠯᠤᠯᠭ᠎ᠠ ᠊ᠢᠢᠨ ᠑᠕᠐ ᠭᠠᠷᠤᠢ ᠠᠯᠪᠠᠨ ᠬᠠᠭᠠᠭᠴᠢ ᠣᠷᠣᠯᠴᠠᠵᠤ᠂ ᠲᠠᠯᠪᠢᠭᠰᠠᠨ ᠢᠯᠡᠳᠬᠡᠯ᠂ ᠮᠡᠳᠡᠭᠡᠯᠡᠯ ᠤᠨ ᠬᠦᠷᠢᠶᠡᠨ ᠊ᠳᠦ ᠠᠰᠠᠭᠤᠯᠲᠠ ᠬᠠᠷᠢᠭᠤᠯᠲᠠ ᠥᠷᠨᠢᠭᠦᠯᠵᠦ᠂ ᠰᠠᠨᠠᠯ ᠰᠣᠯᠢᠯᠴᠠᠯ᠎ᠠ᠃

ᠨᠡᠶᠢᠲᠡᠯᠡᠭᠰᠡᠨ᠄