ᠵᠥᠪᠰᠢᠶᠡᠷᠡᠯ ᠊ᠢ ᠴᠠᠬᠢᠮᠵᠢᠭᠤᠯᠬᠤ ᠦᠢᠯᠡ ᠠᠵᠢᠯᠯᠠᠭ᠎ᠠ ᠊ᠢᠢ ᠡᠷᠴᠢᠮᠵᠢᠭᠦᠯᠦᠨ᠎ᠡ


ᠦᠢᠯᠡᠴᠢᠯᠡᠭᠡ ᠡᠷᠬᠢᠯᠡᠭᠴᠢ ᠢᠷᠭᠡᠳ ᠊ᠳᠦ ᠳᠠᠷᠤᠮᠲᠠ ᠤᠴᠠᠷᠠᠭᠤᠯᠳᠠᠭ᠂ ᠵᠠᠷᠤᠳᠠᠯ ᠴᠢᠷᠦᠭᠳᠡᠯ ᠪᠣᠯᠳᠠᠭ ᠪᠠᠶᠢᠳᠠᠯ ᠢ ᠬᠠᠯᠠᠵᠤ ᠠᠯᠢᠪᠠ ᠵᠥᠪᠰᠢᠶᠡᠷᠡᠯ ᠊ᠢ ᠬᠠᠤᠯᠢ ᠊ᠢᠢᠨ ᠬᠦᠷᠢᠶᠡᠨ ᠊ᠳᠦ ᠴᠠᠬᠢᠮ ᠬᠡᠯᠪᠡᠷᠢ ᠪᠡᠷ ᠣᠯᠭᠤᠬᠤ ᠲᠧᠭᠨᠣᠯᠣᠭᠢ ᠊ᠢᠢᠨ ᠪᠣᠯᠤᠨ ᠬᠠᠤᠯᠢ ᠡᠷᠬᠡᠵᠦᠢ ᠊ᠢᠢᠨ ᠣᠷᠴᠢᠨ ᠪᠦᠷᠢᠳᠦᠭᠦᠯᠬᠦ ᠨᠢ ᠬᠦᠨᠳᠦ ᠰᠤᠷᠲᠠᠯ ᠢ ᠬᠠᠯᠠᠬᠤ᠂ ᠲᠦᠭᠵᠢᠷᠡᠯ ᠢ ᠪᠠᠭᠤᠷᠠᠭᠤᠯᠬᠤ ᠠᠴᠢ ᠬᠣᠯᠪᠣᠭᠳᠠᠯ ᠲᠠᠢ᠃

ᠥᠨᠥᠳᠥᠷ /᠒᠐᠒᠓.᠐᠘.᠒᠙/ ᠼ᠊ ᠬᠥ᠊ ᠬᠠ᠊ ᠬᠣ᠊ ᠍᠎ᠶᠠ᠊ -᠊ᠳᠤ ᠵᠣᠬᠢᠶᠠᠨ ᠪᠠᠶᠢᠭᠤᠯᠤᠭᠳᠠᠭᠰᠠᠨ ᠰᠠᠶᠢᠳ ᠤᠨ ᠰᠢᠭᠤᠷᠬᠠᠢ ᠬᠤᠷᠠᠯ ᠊ᠳᠤ ᠬᠡᠯᠡᠯᠴᠡᠭᠳᠡᠭᠰᠡᠨ ᠣᠨᠴᠠᠯᠠᠬᠤ ᠠᠰᠠᠭᠤᠳᠠᠯ ᠨᠢ ᠵᠥᠪᠰᠢᠶᠡᠷᠡᠯ ᠢ ᠴᠠᠬᠢᠮ ᠊ᠢᠢᠠᠷ ᠣᠯᠭᠤᠬᠤ ᠦᠢᠯᠡ ᠠᠵᠢᠯᠯᠠᠭ᠎ᠠ ᠊ᠢᠢ ᠡᠷᠴᠢᠮᠵᠢᠭᠦᠯᠬᠦ ᠲᠤᠬᠠᠢ ᠪᠠᠶᠢᠯ᠎ᠠ᠃

ᠵᠥᠪᠰᠢᠶᠡᠷᠡᠯ ᠤᠨ ᠨᠢᠭᠡᠳᠦᠭᠰᠡᠨ ᠰᠠᠩ ᠪᠠᠶᠢᠭᠤᠯᠬᠤ ᠠᠵᠢᠯ ᠤᠨ ᠬᠦᠷᠢᠶᠡᠨ ᠊ᠳᠦ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠊ᠤ ᠑᠕᠂ ᠪᠠᠷᠢᠯᠭ᠎ᠠ᠂ ᠬᠣᠲᠠ ᠪᠠᠶᠢᠭᠤᠯᠤᠯᠲᠠ ᠊ᠢᠢᠨ ᠶᠠᠮᠤᠨ ᠊ᠤ ᠖᠂ ᠪᠠᠲᠤᠯᠠᠨ ᠬᠠᠮᠠᠭᠠᠯᠠᠬᠤ ᠶᠠᠮᠤᠨ ᠊ᠤ ᠑᠑᠂ ᠪᠣᠯᠪᠠᠰᠤᠷᠠᠯ᠂ ᠰᠢᠨᠵᠢᠯᠡᠬᠦ ᠤᠬᠠᠭᠠᠨ ᠊ᠤ ᠶᠠᠮᠤᠨ ᠊ᠤ ᠒᠖᠂ ᠵᠠᠮ᠂ ᠲᠡᠭᠡᠭᠡᠪᠦᠷᠢ ᠊ᠢᠢᠨ ᠬᠥᠭᠵᠢᠯ ᠤᠨ ᠶᠠᠮᠤᠨ ᠊ᠤ ᠒᠖᠂ ᠢᠷᠭᠡᠨ ᠊ᠤ ᠨᠢᠰᠬᠦ ᠊ᠢᠢᠨ ᠶᠡᠷᠦᠩᠬᠡᠢ ᠭᠠᠵᠠᠷ ᠤᠨ ᠕᠂ ᠮᠣᠩᠭᠣᠯ ᠪᠠᠩᠺᠠᠨ ᠊ᠤ ᠕᠘᠂ ᠨᠡᠶᠢᠰᠯᠡᠯ ᠤᠨ ᠵᠠᠰᠠᠭ ᠳᠠᠷᠤᠭ᠎ᠠ ᠊ᠢᠢᠨ ᠲᠠᠮᠠᠭ᠎ᠠ ᠊ᠢᠢᠨ ᠭᠠᠵᠠᠷ ᠤᠨ ᠘᠑᠂ ᠰᠣᠶᠣᠯ ᠤᠨ ᠶᠠᠮᠤᠨ ᠊ᠤ ᠑᠂ ᠬᠠᠷᠢᠯᠴᠠᠭ᠎ᠠ ᠬᠣᠯᠪᠣᠭᠠᠨ ᠊ᠤ ᠵᠣᠬᠢᠴᠠᠭᠤᠯᠬᠤ ᠬᠣᠷᠢᠶᠠᠨ ᠊ᠤ ᠑᠔᠂ ᠬᠥᠳᠡᠯᠮᠦᠷᠢ᠂ ᠨᠡᠶᠢᠭᠡᠮ ᠊ᠤᠨ ᠬᠠᠮᠠᠭᠠᠯᠠᠯ ᠤᠨ ᠶᠠᠮᠤᠨ ᠊ᠤ ᠊᠑᠂ ᠬᠠᠤᠯᠢ ᠵᠦᠢ᠂ ᠳᠣᠲᠣᠭᠠᠳᠤ ᠬᠡᠷᠡᠭ ᠊ᠤᠨ ᠶᠠᠮᠤᠨ ᠊ᠤ ᠕᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠊ᠢᠢᠨ ᠶᠠᠮᠤᠨ ᠊ᠤ ᠒᠐᠂ ᠡᠷᠴᠢᠮ ᠬᠦᠴᠦᠨ ᠊ᠤ ᠵᠣᠬᠢᠴᠠᠭᠤᠯᠬᠤ ᠬᠣᠷᠢᠶᠠᠨ ᠊ᠤ ᠕᠕᠂ ᠡᠷᠴᠢᠮ ᠬᠦᠴᠦᠨ ᠊ᠤ ᠶᠠᠮᠤᠨ ᠊ᠤ ᠖᠂ ᠰᠠᠩᠬᠦᠦ ᠊ᠢᠢᠨ ᠵᠣᠬᠢᠴᠠᠭᠤᠯᠬᠤ ᠬᠣᠷᠢᠶᠠᠨ ᠊ᠤ ᠖᠗ ᠲᠥᠷᠦᠯ ᠊ᠤᠨ ᠵᠥᠪᠰᠢᠶᠡᠷᠡᠯ ᠢ ᠨᠡᠶᠢᠲᠡ ᠒᠐᠂᠓᠑᠖ ᠵᠥᠪᠰᠢᠶᠡᠷᠡᠯ ᠡᠵᠡᠮᠰᠢᠭᠴᠢ ᠢᠷᠭᠡᠨ᠂ ᠬᠠᠤᠯᠢ ᠊ᠢᠢᠨ ᠡᠲᠡᠭᠡᠳ ᠲᠦ ᠣᠯᠭᠤᠭᠰᠠᠨ ᠮᠡᠳᠡᠭᠡᠯᠡᠯ ᠢ www.license.mn ᠴᠠᠬᠢᠮ ᠬᠠᠭᠤᠳᠠᠰᠤ ᠊ᠳᠤ ᠪᠦᠷᠢᠳᠬᠡᠨ ᠣᠷᠣᠭᠤᠯᠤᠭᠰᠠᠨ ᠪᠠᠶᠢᠨ᠎ᠠ᠃

ᠮᠥᠨ ᠪᠥᠷᠢᠨ ᠴᠠᠬᠢᠮ ᠬᠡᠯᠪᠡᠷᠢ ᠊ᠳᠦ ᠰᠢᠯᠵᠢᠭᠰᠡᠨ ᠰᠠᠩ ᠤᠨ ᠶᠠᠮᠤᠨ ᠡᠴᠠ ᠣᠯᠭᠤᠬᠤ ᠗᠂ ᠭᠠᠶᠢᠯᠢ ᠊ᠢᠢᠨ ᠶᠡᠷᠦᠩᠬᠡᠢ ᠭᠠᠵᠠᠷ ᠡᠴᠠ ᠣᠯᠭᠤᠬᠤ ᠙᠂ ᠤ᠊ ᠤ᠊ ᠬᠥ᠊ ᠦ᠊ ᠶᠠ᠊ ᠍ ᠨ ᠡᠴᠠ ᠣᠯᠭᠤᠬᠤ ᠑᠐᠂ ᠨᠡᠶᠢᠲᠡ ᠒᠖ ᠲᠤᠰᠬᠠᠢ ᠵᠥᠪᠰᠢᠶᠡᠷᠡᠯ ᠢ ᠴᠠᠬᠢᠮ ᠰᠢᠰᠲ᠋ᠧᠮ ᠊ᠢᠢᠡᠷ ᠳᠠᠮᠵᠢᠭᠤᠯᠵᠤ ᠬᠦᠰᠡᠯ ᠊ᠳᠦ ᠭᠠᠷᠭᠠᠨ ᠠᠪᠬᠤ ᠪᠣᠯᠤᠮᠵᠢ ᠲᠠᠢ ᠪᠣᠯ 《ᠢ-ᠮᠣᠩᠭᠣᠯ》᠂ 《ᠢ-ᠪᠢᠽᠢᠨ᠋ᠧᠰ》 ᠰᠢᠰᠲ᠋ᠧᠮ ᠊ᠢᠢᠡᠷ ᠳᠠᠮᠵᠢᠭᠤᠯᠤᠨ ᠕ ᠲᠤᠰᠬᠠᠢ ᠵᠥᠪᠰᠢᠶᠡᠷᠡᠯ ᠢ ᠴᠠᠬᠢᠮ ᠬᠡᠯᠪᠡᠷᠢ ᠪᠡᠷ ᠲᠤᠰ ᠲᠤᠰ ᠣᠯᠭᠤᠵᠤ ᠪᠠᠶᠢᠨ᠎ᠠ᠃

ᠵᠥᠪᠰᠢᠶᠡᠷᠡᠯ ᠊ᠢ ᠴᠠᠬᠢᠮ ᠬᠡᠯᠪᠡᠷᠢ ᠪᠡᠷ ᠰᠢᠢᠳᠪᠦᠷᠢᠯᠡᠬᠦ ᠲᠠᠯ᠎ᠠ ᠪᠠᠷ ᠼᠠ᠊ ᠬᠥ᠊ ᠬᠠ᠊ ᠬᠣ᠊ ᠲᠤᠰᠬᠠᠢ ᠵᠥᠪᠰᠢᠶᠡᠷᠡᠯ ᠣᠯᠭᠣᠬᠤ ᠡᠷᠬᠡ ᠪᠦᠬᠦᠢ ᠡᠲᠡᠭᠡᠳ ᠤᠨ ᠵᠥᠪᠰᠢᠶᠡᠷᠡᠯ ᠲᠤᠰ ᠪᠦᠷᠢ ᠪᠡᠷ ᠰᠤᠳᠤᠯᠭ᠎ᠠ ᠬᠢᠬᠦ ᠳᠦ ᠨᠡᠶᠢᠲᠡ ᠒᠔᠙ ᠲᠤᠰᠬᠠᠢ ᠵᠥᠪᠰᠢᠶᠡᠷᠡᠯ ᠡᠴᠡ ᠒᠑ ᠲᠤᠰᠬᠠᠢ ᠵᠥᠪᠰᠢᠶᠡᠷᠡᠯ ᠢ ᠴᠠᠬᠢᠮᠵᠢᠭᠤᠯᠬᠤ ᠪᠣᠯᠤᠮᠵᠢ ᠦᠭᠡᠢ ᠪᠥᠭᠡᠳ ᠪᠤᠰᠤᠳ ᠵᠥᠪᠰᠢᠶᠡᠷᠡᠯ ᠊ᠢ ᠴᠠᠬᠢᠮᠵᠢᠭᠤᠯᠬᠤ ᠠᠵᠢᠯ ᠢ 《ᠢ-ᠮᠣᠩᠭᠣᠯ ᠠᠺᠠᠳᠧᠮᠢ》 ᠼ᠊ ᠲᠥ᠊ ᠦ᠊ ᠭᠠ᠊᠂ 《ᠭᠠᠶᠢᠯᠢ᠂ ᠲᠠᠲᠠᠪᠤᠷᠢ᠂ ᠰᠠᠩᠬᠦᠦ ᠊ᠢᠢᠨ ᠮᠡᠳᠡᠭᠡᠯᠡᠯ ᠤᠨ ᠲᠧᠭᠨᠣᠯᠣᠭᠢ ᠊ᠢᠢᠨ ᠲᠥᠪ》 ᠤ᠊ ᠲᠥ᠊ ᠦ᠊ ᠭᠠ᠊ ᠍ ᠲᠠᠢ ᠬᠠᠮᠲᠤᠷᠠᠨ ᠨᠡᠪᠲᠡᠷᠡᠭᠦᠯᠬᠦ ᠪᠡᠷ ᠬᠣᠯᠪᠣᠭᠳᠠᠬᠤ ᠠᠵᠢᠯ ᠢ ᠵᠣᠬᠢᠶᠠᠨ ᠪᠠᠶᠢᠭᠤᠯᠵᠤ ᠪᠠᠶᠢᠨ᠎ᠠ᠃

ᠨᠡᠶᠢᠲᠡᠯᠡᠭᠰᠡᠨ᠄