ᠰᠡᠯᠡᠩᠭᠡ ᠠᠶᠢᠮᠠᠭ ᠲᠤ ᠫᠷᠣᠼᠧᠰᠰ ᠤᠨ ᠢᠨᠵᠧᠨᠧᠷᠴᠢᠯᠡᠯ ᠬᠢᠬᠦ ᠠᠵᠢᠯ ᠢ ᠡᠬᠢᠯᠡᠭᠦᠯᠦᠯ᠎ᠡ


ᠮᠣᠩᠭᠣᠯ ᠤᠯᠤᠰ ᠤᠨ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠊ᠢᠢᠨ ᠒᠐᠒᠓ ᠣᠨ ᠊ᠤ ᠐᠖ ᠳ᠋ᠤᠭᠠᠷ ᠰᠠᠷ᠎ᠠ ᠊ᠢᠢᠨ ᠑᠔ ᠍ ᠊ᠤ ᠡᠳᠦᠷ ᠤᠨ ᠳ᠋ᠤᠭᠠᠷ ᠖᠔ ᠲᠤᠰᠢᠶᠠᠯ ᠊ᠢᠢᠠᠷ ᠬᠥᠳᠡᠯᠮᠦᠷᠢ᠂ ᠨᠡᠶᠢᠭᠡᠮ ᠤᠨ ᠬᠠᠮᠠᠭᠠᠯᠠᠯ ᠤᠨ ᠶᠠᠮᠤ᠂ ᠬᠥᠳᠡᠯᠮᠦᠷᠢ᠂ ᠬᠠᠯᠠᠮᠵᠢ ᠊ᠢᠢᠨ ᠦᠢᠯᠡᠴᠢᠯᠡᠭᠡᠨ ᠊ᠤ ᠶᠡᠷᠦᠩᠬᠡᠢ ᠭᠠᠵᠠᠷ᠂ ᠨᠡᠶᠢᠭᠡᠮ ᠤᠨ ᠳᠠᠭᠠᠳᠬᠠᠯ ᠤᠨ ᠶᠡᠷᠦᠩᠬᠡᠢ ᠭᠠᠵᠠᠷ ᠪᠣᠯᠤᠨ ᠲᠡᠳᠡᠭᠡᠷ ᠤᠨ ᠬᠠᠷᠢᠶ᠎ᠠ ᠨᠢᠭᠡᠴᠡ ᠨᠦᠭᠦᠳ᠂ ᠰᠡᠯᠡᠩᠭᠡ ᠠᠶᠢᠮᠠᠭ ᠤᠨ ᠱᠠᠮᠠᠷ ᠰᠤᠮᠤ ᠊ᠢᠢᠨ ᠵᠠᠰᠠᠭ ᠳᠠᠷᠤᠭ᠎ᠠ ᠊ᠢᠢᠨ ᠬᠡᠮᠵᠢᠶᠡᠨ ᠊ᠳᠦ ᠫᠷᠣᠼᠧᠰᠰ ᠤᠨ ᠳ᠋ᠠᠬᠢᠨ ᠢᠨᠵᠧᠨᠧᠷᠴᠢᠯᠡᠯ ᠬᠢᠬᠦ ᠠᠵᠢᠯ ᠢ ᠨᠢᠭᠡᠳᠦᠭᠰᠡᠨ ᠤᠳᠤᠷᠢᠳᠤᠯᠭ᠎ᠠ᠂ ᠵᠣᠬᠢᠶᠠᠨ ᠪᠠᠶᠢᠭᠤᠯᠤᠯᠲᠠ ᠪᠠᠷ ᠬᠠᠩᠭᠠᠬᠤ ᠠᠵᠢᠯ ᠤᠨ ᠬᠡᠰᠡᠭ ᠪᠠᠶᠢᠭᠤᠯᠤᠭᠳᠠᠭᠰᠠᠨ᠃

ᠡᠨᠡ ᠬᠦᠷᠢᠶᠡᠨ ᠊ᠳᠦ ᠲᠤᠰ ᠠᠵᠢᠯ ᠤᠨ ᠬᠡᠰᠡᠭ ᠤᠨ ᠪᠦᠷᠢᠯᠳᠦᠬᠦᠨ ᠥᠨᠥᠳᠥᠷ (᠒᠐᠒᠓.᠐᠖.᠑᠙) ᠰᠡᠯᠡᠩᠭᠡ ᠠᠶᠢᠮᠠᠭ ᠲᠤ ᠠᠵᠢᠯᠯᠠᠵᠤ᠂ 《ᠠᠯᠤᠰ ᠤᠨ ᠬᠠᠷᠠᠭ᠎ᠠ-᠒᠐᠕᠐》 ᠮᠣᠩᠭᠣᠯ ᠤᠯᠤᠰ ᠤᠨ ᠤᠷᠲᠤ ᠬᠤᠭᠤᠴᠠᠭᠠᠨ ᠊ᠤ ᠬᠥᠭᠵᠢᠯ ᠤᠨ ᠪᠣᠳᠣᠯᠭ᠎ᠠ ᠊ᠢᠢᠨ ᠪᠠᠷᠢᠮᠲᠠ ᠪᠢᠴᠢᠭ᠂ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠒᠐᠒᠐-᠒᠐᠒᠔ ᠣᠨ ᠊ᠤ ᠦᠢᠯᠡ ᠠᠵᠢᠯᠯᠠᠭᠠᠨ ᠊ᠤ ᠬᠥᠲᠥᠯᠪᠦᠷᠢ᠂ ᠰᠢᠨ᠎ᠡ ᠰᠡᠷᠭᠦᠯᠲᠡ ᠊ᠢᠢᠨ ᠪᠣᠳᠣᠯᠭ᠎ᠠ᠂ ᠲᠥᠷᠥ ᠊ᠢᠢᠨ ᠪᠠᠶᠢᠭᠤᠯᠤᠯᠭ᠎ᠠ ᠊ᠢᠢᠨ ᠦᠢᠯᠡ ᠠᠵᠢᠯᠯᠠᠭᠠᠨ ᠊ᠤ ᠰᠢᠨᠡᠳᠬᠡᠯ ᠤᠤᠨ ᠬᠦᠷᠢᠶᠡᠨ ᠊ᠳᠦ ᠫᠷᠣᠼᠧᠰᠰ ᠤᠨ ᠳᠠᠬᠢᠨ ᠢᠨᠵᠧᠨᠧᠷᠴᠢᠯᠡᠯ ᠬᠢᠬᠦ ᠲᠠᠯ᠎ᠠ ᠪᠠᠷ ᠲᠠᠨᠢᠯᠴᠠᠭᠤᠯᠬᠤ ᠠᠭᠤᠯᠵᠠᠯᠲᠠ᠂ ᠬᠡᠯᠡᠯᠴᠡᠭᠦᠯᠭᠡ ᠶᠢ ᠵᠣᠬᠢᠶᠠᠨ ᠪᠠᠶᠢᠭᠤᠯᠤᠯ᠎ᠠ᠃

ᠠᠭᠤᠯᠵᠠᠯᠲᠠ᠂ ᠬᠡᠯᠡᠯᠴᠡᠭᠦᠯᠭᠡ ᠊ᠳᠦ ᠠᠵᠢᠯ ᠤᠨ ᠬᠡᠰᠡᠭ ᠤᠨ ᠳᠠᠷᠤᠭ᠎ᠠ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠡᠳ᠋ ᠳᠠᠷᠤᠭ᠎ᠠ ᠪᠥᠭᠡᠳ ᠵᠠᠰᠠᠭ ᠤᠨ ᠭᠠᠵᠠᠷ ᠤᠨ ᠬᠢᠨᠠᠯᠲᠠ ᠬᠡᠷᠡᠭᠵᠢᠭᠦᠯᠬᠦ ᠭᠠᠵᠠᠷ ᠤᠨ ᠳᠠᠷᠤᠭ᠎ᠠ ᠪ ∙ ᠪᠠᠰᠠᠩᠳᠣᠷᠵᠢ᠂ ᠼᠠ᠊ ᠬᠥ᠊ ᠬᠠ᠊ ᠬᠣ᠊-ᠤ ᠳᠡᠳ᠋ ᠰᠠᠶᠢᠳ᠂ ᠠᠵᠢᠯ ᠤᠨ ᠬᠡᠰᠡᠭ ᠤᠨ ᠭᠡᠰᠢᠭᠦᠨ ᠵ ∙ ᠡᠷᠬᠢᠮᠪᠠᠭᠠᠲᠤᠷ᠂ ᠬᠥᠳᠡᠯᠮᠦᠷᠢ ᠨᠡᠶᠢᠭᠡᠮ ᠤᠨ ᠬᠠᠮᠠᠭᠠᠯᠠᠯ ᠤᠨ ᠶᠠᠮᠤᠨ ᠊ᠤ ᠲᠥᠷᠦ ᠊ᠢᠢᠨ ᠵᠠᠬᠢᠷᠭᠠᠨ ᠊ᠤ ᠤᠳᠤᠷᠢᠳᠤᠯᠭ᠎ᠠ ᠊ᠢᠢᠨ ᠭᠠᠵᠠᠷ ᠤᠨ ᠳᠠᠷᠤᠭ᠎ᠠ ᠊ᠢᠢᠨ ᠠᠯᠪᠠᠨ ᠡᠭᠦᠷᠭᠡ ᠊ᠢᠢ ᠲᠦᠷᠢ ᠣᠷᠣᠯᠠᠨ ᠭᠦᠢᠴᠡᠳᠭᠡᠭᠴᠢ ᠯ ∙ ᠪᠠᠲᠤᠰᠠᠶᠢᠬᠠᠨ᠂ ᠰᠢᠨ᠎ᠡ ᠰᠡᠷᠭᠦᠯᠲᠡ ᠊ᠢᠢᠨ ᠪᠣᠳᠣᠯᠭ᠎ᠠ ᠊ᠢᠢᠨ 《ᠬᠤᠷᠳᠤᠰᠬᠠᠭᠤᠷ ᠲᠥᠪ》 ᠤ ᠲᠥ᠊ ᠦ᠊ ᠭᠠ᠊ ᠍ ᠤᠨ ᠵᠠᠬᠢᠷᠤᠯ ᠪ ∙ ᠳᠥᠯᠥᠭᠡᠨ᠂ ᠵᠠᠰᠠᠭ ᠤᠨ ᠭᠠᠵᠠᠷ ᠤᠨ ᠬᠢᠨᠠᠯᠲᠠ ᠬᠡᠷᠡᠭᠵᠢᠭᠦᠯᠬᠦ ᠭᠠᠵᠠᠷ ᠤᠨ ᠲᠠᠩᠳᠠᠯᠲᠠ ᠰᠤᠳᠤᠯᠭᠠᠨ ᠊ᠤ ᠪᠠᠭ ᠤᠨ ᠠᠬᠠᠯᠠᠭᠴᠢ ᠪ ∙ ᠠᠨᠠᠷ ᠵᠡᠷᠭᠡ ᠬᠣᠯᠪᠣᠭᠳᠠᠬᠤ ᠠᠯᠪᠠᠨ ᠊ᠤ ᠬᠦᠮᠦᠰ ᠣᠷᠣᠯᠴᠠᠨ᠂ ᠢᠯᠡᠳᠬᠡᠯ ᠲᠠᠨᠢᠯᠴᠠᠭᠤᠯᠵᠤ᠂ ᠨᠡᠭᠡᠭᠡᠯᠲᠡ ᠲᠡᠢ ᠰᠠᠨᠠᠯ ᠰᠣᠯᠢᠯᠴᠠᠯ᠎ᠠ᠃

ᠫᠷᠣᠼᠧᠰᠰ ᠰᠠᠭᠤᠷᠢ ᠲᠠᠢ᠂ ᠣᠨᠣᠪᠴᠢᠲᠠᠢ᠂ ᠦᠷ᠎ᠡ ᠠᠰᠢᠭ ᠲᠠᠢ ᠵᠠᠰᠠᠭᠯᠠᠯ ᠢ ᠪᠡᠬᠢᠵᠢᠭᠦᠯᠬᠦ ᠵᠣᠷᠢᠯᠭ᠎ᠠ ᠪᠦᠬᠦᠢ ᠲᠥᠷᠦ ᠊ᠢᠢᠨ ᠪᠠᠶᠢᠭᠤᠯᠤᠯᠭ᠎ᠠ ᠊ᠢᠢᠨ ᠫᠷᠣᠼᠧᠰᠰ ᠤᠨ ᠳ᠋ᠠᠬᠢᠨ ᠢᠨᠵᠧᠨᠧᠷᠴᠢᠯᠡᠯ ᠨᠢ ᠪᠠᠶᠢᠭᠤᠯᠤᠯᠭ᠎ᠠ ᠊ᠢᠢᠨ ᠴᠢᠳᠠᠮᠵᠢ᠂ ᠪᠦᠲᠦᠭᠡᠮᠵᠢ᠂ ᠫᠷᠣᠼᠧᠰᠰ ᠤᠨ ᠬᠥᠭᠵᠢᠭᠦᠯᠦᠯᠲᠡ᠂ ᠲᠥᠷᠦ ᠊ᠢᠢᠨ ᠦᠢᠯᠡᠴᠢᠯᠡᠭᠡᠨ ᠊ᠤ ᠴᠢᠨᠠᠷ᠂ ᠢᠷᠭᠡᠳ ᠪᠣᠯᠤᠨ ᠲᠥᠷᠦ ᠊ᠢᠢᠨ ᠠᠯᠪᠠᠨ ᠬᠠᠭᠠᠭᠴᠢᠳ ᠤᠨ ᠰᠡᠳᠬᠢᠯ ᠬᠠᠨᠤᠮᠵᠢ ᠊ᠢᠢ ᠰᠠᠶᠢᠵᠢᠷᠠᠭᠤᠯᠬᠤ ᠳᠤ ᠴᠢᠭᠯᠡᠭᠰᠡᠨ ᠦᠢᠯᠡ ᠠᠵᠢᠯᠯᠠᠭ᠎ᠠ ᠶᠤᠮ᠃

ᠠᠭᠤᠯᠵᠠᠯᠲᠠ᠂ ᠬᠡᠯᠡᠯᠴᠡᠭᠦᠯᠭᠡ ᠊ᠳᠦ ᠰᠡᠯᠡᠩᠭᠡ ᠠᠶᠢᠮᠠᠭ ᠤᠨ ᠽᠠ᠊ ᠳᠠ᠊ ᠲᠠ᠊ ᠭᠠ᠊᠂ ᠢᠷᠭᠡᠨ ᠊ᠤ ᠲᠥᠯᠥᠭᠡᠯᠡᠭᠴᠢᠳ ᠤᠨ ᠬᠤᠷᠠᠯ᠂ ᠰᠡᠯᠡᠩᠭᠡ ᠠᠶᠢᠮᠠᠭ ᠳᠠᠬᠢ ᠲᠠᠩᠨᠠᠭᠤᠯ ᠤᠨ ᠭᠠᠵᠠᠷ᠂ ᠫᠷᠣᠺᠦ᠋ᠷᠣᠷ᠂ ᠰᠢᠭᠦᠬᠦ᠂ ᠠᠶᠢᠮᠠᠭ ᠤᠨ ᠵᠠᠰᠠᠭ ᠳᠠᠷᠤᠭ᠎ᠠ ᠊ᠢᠢᠨ ᠳᠡᠷᠭᠡᠳᠡᠬᠢ ᠬᠡᠷᠡᠭᠵᠢᠭᠦᠯᠦᠭᠴᠢ ᠠᠭᠧᠨᠲᠯᠢᠭ ᠤᠳ᠂ ᠬᠠᠤᠯᠢ᠂ ᠬᠦᠴᠦᠨ ᠊ᠤ ᠪᠠᠶᠢᠭᠤᠯᠤᠯᠭ᠎ᠠ ᠨᠤᠭᠤᠳ᠂ ᠪᠠᠩᠬᠢ ᠰᠠᠩᠬᠦᠦ᠂ ᠨᠡᠶᠢᠭᠡᠮ ᠤᠨ ᠰᠠᠯᠪᠤᠷᠢ ᠊ᠢᠢᠨ ᠪᠣᠯᠤᠨ ᠣᠷᠣᠨ ᠨᠤᠲᠤᠭ ᠤᠨ ᠠᠵᠤ ᠠᠬᠤᠢ ᠊ᠢᠢᠨ ᠨᠢᠭᠡᠴᠡ ᠨᠦᠭᠦᠳ᠂ ᠱᠠᠮᠠᠷ ᠰᠤᠮᠤ ᠊ᠢᠢᠨ ᠽᠠ᠊ ᠳᠠ᠊ ᠲᠠ᠊ ᠭᠠ᠊ ᠍ ᠤᠨ ᠨᠡᠶᠢᠲᠡ ᠔᠐᠐ ᠭᠠᠷᠤᠢ ᠲᠥᠷᠥ ᠊ᠢᠢᠨ ᠠᠯᠪᠠᠨ ᠬᠠᠭᠠᠭᠴᠢᠳ ᠣᠷᠣᠯᠴᠠᠯ᠎ᠠ᠃

ᠲᠥᠷᠥ ᠊ᠢᠢᠨ ᠪᠠᠶᠢᠭᠤᠯᠤᠯᠭ᠎ᠠ ᠨᠤᠭᠤᠳ ᠲᠤ ᠫᠷᠣᠼᠧᠰᠰ ᠤᠨ ᠳᠠᠬᠢᠨ ᠢᠨᠵᠧᠨᠧᠷᠴᠢᠯᠡᠯ ᠢ ᠬᠢᠭᠰᠡᠨ ᠊ᠢᠢᠡᠷ ᠵᠠᠬᠢᠷᠭᠠᠨ ᠊ᠤ ᠪᠠᠶᠢᠭᠤᠯᠤᠯᠭ᠎ᠠ ᠊ᠢᠢᠨ ᠪᠦᠲᠦᠴᠡ᠂ ᠵᠣᠬᠢᠶᠠᠨ ᠪᠠᠶᠢᠭᠤᠯᠤᠯᠲᠠ ᠊ᠢᠢ ᠢᠯᠡᠭᠦᠦ ᠣᠨᠣᠪᠴᠢᠲᠠᠢ ᠪᠣᠯᠭᠠᠬᠤ᠂ ᠲᠥᠷᠥ ᠊ᠢᠢᠨ ᠦᠢᠯᠡᠴᠢᠯᠡᠭᠡ ᠊ᠢᠢ ᠠᠪᠬᠤ ᠱᠠᠲᠤ ᠳᠠᠮᠵᠢᠯᠭ᠎ᠠ ᠊ᠢᠢᠨ ᠲᠣᠭ᠎ᠠ ᠪᠠᠭᠠᠰᠬᠤ᠂ ᠲᠥᠷᠥ ᠊ᠢᠢᠨ ᠦᠢᠯᠡᠴᠢᠯᠡᠭᠡ ᠊ᠢᠢ ᠬᠦᠷᠭᠡᠬᠦ ᠢᠯᠡᠭᠦᠦ ᠣᠯᠠᠨ ᠰᠣᠩᠭᠣᠯᠲᠠ ᠲᠠᠢ ᠪᠣᠯᠵᠤ᠂ ᠢᠷᠭᠡᠳ ᠲᠦ ᠰᠢᠭᠤᠷᠬᠠᠢ᠂ ᠬᠦᠰᠡᠭᠰᠡᠨ ᠬᠡᠯᠪᠡᠷᠢ ᠪᠡᠷ ᠲᠥᠷᠥ ᠶᠢᠨ ᠦᠢᠯᠡᠴᠢᠯᠡᠭᠡ ᠶᠢ ᠬᠢᠯᠪᠠᠷ ᠠᠪᠬᠤ ᠪᠣᠯᠤᠮᠵᠢ ᠪᠥᠷᠢᠳᠬᠦ᠂ ᠲᠥᠷᠥ ᠊ᠢᠢᠨ ᠠᠯᠪᠠᠨ ᠬᠠᠭᠠᠭᠴᠢ ᠊ᠢᠢᠨ ᠠᠵᠢᠯ ᠤᠨ ᠠᠴᠢᠶᠠᠯᠠᠯ ᠢ ᠲᠡᠩᠴᠡᠪᠦᠷᠢᠲᠡᠢ ᠵᠣᠬᠢᠶᠠᠨ ᠪᠠᠶᠢᠭᠤᠯᠬᠤ᠂ ᠲᠥᠷᠥ ᠊ᠢᠢᠨ ᠠᠯᠪᠠᠨ ᠊ᠤ ᠪᠦᠲᠦᠭᠡᠮᠵᠢ᠂ ᠴᠢᠳᠠᠮᠵᠢ ᠳᠡᠭᠡᠭᠰᠢᠯᠡᠵᠦ᠂ ᠲᠥᠷᠥ ᠊ᠢᠢᠨ ᠦᠢᠯᠡᠴᠢᠯᠡᠭᠡ ᠊ᠢᠢ ᠦᠵᠡᠭᠦᠯᠵᠦ ᠪᠤᠢ ᠠᠯᠪᠠᠨ ᠬᠠᠭᠠᠭᠴᠢ᠂ ᠦᠢᠯᠡᠴᠢᠯᠡᠭᠡ ᠠᠪᠴᠤ ᠪᠤᠢ ᠢᠷᠭᠡᠳ ᠤᠨ ᠰᠡᠳᠬᠢᠯ ᠬᠠᠨᠤᠮᠵᠢ ᠨᠡᠮᠡᠭᠳᠡᠬᠦ ᠵᠡᠷᠭᠡ ᠦᠷ᠎ᠡ ᠳᠦᠩ ᠳᠦ ᠬᠦᠷᠬᠦ ᠶᠠᠭᠤᠮ᠎ᠠ᠃

ᠨᠡᠶᠢᠲᠡᠯᠡᠭᠰᠡᠨ᠄