ᠡᠰᠲ᠋ᠣᠨᠢ ᠤᠯᠤᠰ ᠤᠨ ᠵᠠᠰᠠᠭ ᠤᠨ ᠭᠠᠵᠠᠷ ᠤᠨ ᠲᠥᠯᠥᠭᠡᠯᠡᠯ ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠶᠠᠪᠤᠴᠠ ᠲᠠᠢ ᠲᠠᠨᠢᠯᠴᠠᠪᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠤᠨ ᠵᠥᠪᠯᠡᠬᠦ ᠰ ∙ ᠲᠡᠩᠭᠢᠰ᠂ ᠢ-ᠮᠣᠩᠭᠣᠯ ᠠᠺᠠᠳᠧᠮᠢ ᠊ᠢᠢᠨ ᠵᠠᠬᠢᠷᠤᠯ ᠪ ∙ ᠮᠢᠭᠮᠠᠷᠨᠠᠷᠠᠨ ᠨᠠᠷ ᠪᠦᠭᠦᠳᠡ ᠨᠠᠶᠢᠷᠠᠮᠳᠠᠬᠤ ᠡᠰᠲ᠋ᠣᠨᠢ ᠤᠯᠤᠰ ᠤᠨ ᠭᠠᠳᠠᠭᠠᠳᠤ ᠬᠠᠷᠢᠯᠴᠠᠭᠠᠨ ᠊ᠤ ᠶᠠᠮᠤᠨ ᠊ᠤ ᠠᠽᠢᠶ᠎ᠠ᠂ ᠨᠣᠮᠣᠬᠠᠨ ᠳᠠᠯᠠᠢ ᠊ᠢᠢᠨ ᠪᠦᠰᠡ ᠊ᠢᠢᠨ ᠭᠠᠵᠠᠷ ᠤᠨ ᠵᠠᠬᠢᠷᠤᠯ ᠨᠣᠶᠠᠨ ᠮᠠᠲ᠋ᠢ ᠮᠤᠷ ᠊ᠳᠤ ᠲᠡᠷᠢᠭᠦᠲᠡᠢ ᠲᠥᠯᠦᠭᠡᠯᠡᠭᠴᠢᠳ ᠢ /᠒᠐᠒᠓ ᠣᠨ ᠊ᠤ ᠖ ᠳ᠋ᠤᠭᠠᠷ ᠰᠠᠷ᠎ᠠ ᠊ᠢᠢᠨ ᠑᠔ ᠍ ᠊ᠤ ᠡᠳᠦᠷ/ ᠬᠦᠯᠢᠶᠡᠨ ᠠᠪᠴᠤ ᠠᠭᠤᠯᠵᠠᠯ᠎ᠠ᠃

ᠠᠭᠤᠯᠵᠠᠯᠲᠠ ᠊ᠢᠢᠨ ᠡᠬᠢᠨ ᠊ᠳᠦ ᠢ-ᠮᠣᠩᠭᠣᠯ ᠠᠺᠠᠳᠧᠮᠢ ᠊ᠢᠢᠨ ᠵᠦᠭ ᠡᠴᠡ ᠮᠣᠩᠭᠣᠯ ᠤᠯᠤᠰ ᠤᠨ ᠲᠥᠷᠥ ᠊ᠢᠢᠨ ᠦᠢᠯᠡᠴᠢᠯᠡᠭᠡᠨ ᠊ᠤ ᠴᠠᠬᠢᠮ ᠰᠢᠯᠵᠢᠯᠲᠡ ᠊ᠢᠢᠨ ᠥᠨᠥ ᠊ᠢᠢᠨ ᠪᠠᠶᠢᠳᠠᠯ᠂ ᠲᠥᠷᠥ ᠊ᠢᠢᠨ ᠦᠢᠯᠡᠴᠢᠯᠡᠭᠡᠨ ᠊ᠳᠦ ᠬᠢᠭᠳᠡᠵᠦ ᠪᠠᠶᠢᠭ᠎ᠠ ᠰᠢᠨᠡᠴᠢᠯᠡᠯ ᠪᠣᠯᠤᠨ ᠲᠥᠷᠥ ᠊ᠢᠢᠨ ᠴᠠᠬᠢᠮ ᠰᠢᠯᠵᠢᠯᠲᠡ ᠊ᠢᠢᠨ ᠦᠷ᠎ᠡ ᠳᠦᠩ ᠢᠷᠭᠡᠳ ᠪᠣᠯᠤᠨ ᠠᠵᠤ ᠠᠬᠤᠢ ᠊ᠢᠢᠨ ᠨᠢᠭᠡᠴᠡ ᠊ᠳᠦ ᠬᠡᠷᠬᠢᠨ ᠨᠥᠯᠦᠭᠡᠯᠡᠵᠦ ᠪᠠᠶᠢᠭ᠎ᠠ ᠲᠠᠯ᠎ᠠ ᠪᠠᠷ ᠡᠰᠲ᠋ᠣᠨᠢ ᠤᠯᠤᠰ ᠤᠨ ᠲᠥᠯᠥᠭᠡᠯᠡᠭᠴᠢᠳ ᠲᠦ ᠲᠠᠨᠢᠯᠴᠠᠭᠤᠯᠭ᠎ᠠ ᠬᠢᠪᠡ᠃

ᠮᠥᠨ ᠮᠣᠩᠭᠣᠯ ᠤᠯᠤᠰ ᠲᠤ ᠲᠥᠷᠥ ᠊᠊ᠢᠢᠨ ᠦᠢᠯᠡᠴᠢᠯᠡᠭᠡᠨ ᠊ᠤ ᠴᠠᠬᠢᠮ ᠰᠢᠯᠵᠢᠯᠲᠡ ᠊ᠢᠢ ᠬᠡᠷᠡᠭᠵᠢᠭᠦᠯᠬᠦ ᠳᠦ ᠡᠰᠲ᠋ᠣᠨᠢ ᠤᠯᠤᠰ ᠤᠨ ᠴᠠᠬᠢᠮ ᠵᠠᠰᠠᠭᠯᠠᠯ ᠤᠨ ᠲᠤᠷᠰᠢᠯᠭ᠎ᠠ ᠦᠨᠡᠲᠡᠢ ᠬᠤᠪᠢ ᠨᠡᠮᠡᠷᠢ ᠪᠣᠯᠤᠭᠰᠠᠨ ᠢ ᠣᠨᠴᠠᠯᠠᠨ ᠳᠤᠷᠢᠳᠠᠵᠤ᠂ ᠲᠠᠯᠠᠷᠬᠠᠯ ᠢᠯᠡᠷᠬᠡᠶᠢᠯᠡᠯ᠎ᠡ᠃

ᠲᠠᠯ ᠤᠳ ᠴᠢᠨᠠᠭᠰᠢᠳᠠ ᠪᠠᠨ ᠴᠠᠬᠢᠮ ᠰᠢᠯᠵᠢᠯᠲᠡ᠂ ᠺᠢᠪᠧᠷ ᠠᠶᠤᠯ ᠦᠭᠡᠢ ᠪᠠᠶᠢᠳᠠᠯ ᠢ ᠬᠠᠩᠭᠠᠬᠤ ᠪᠣᠯᠤᠨ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠶᠢᠨ ᠮᠡᠷᠭᠡᠵᠢᠯᠲᠡᠨ᠂ ᠪᠣᠯᠪᠠᠰᠤᠨ ᠬᠦᠴᠦᠨ ᠢ ᠪᠡᠯᠡᠳᠬᠡᠬᠦ ᠬᠦᠷᠢᠶᠡᠨ ᠳᠦ ᠬᠠᠮᠲᠤᠷᠠᠨ ᠠᠵᠢᠯᠯᠠᠬᠤ ᠪᠣᠯᠤᠮᠵᠢ ᠲᠠᠢ ᠲᠠᠯ᠎ᠠ ᠪᠠᠷ ᠰᠠᠨᠠᠯ ᠰᠣᠯᠢᠯᠴᠠᠯ᠎ᠠ᠃

ᠲᠤᠰ ᠠᠭᠤᠯᠵᠠᠯᠲᠠ ᠊ᠳᠤ ᠪᠦᠭᠦᠳᠡ ᠨᠠᠶᠢᠷᠠᠮᠳᠠᠬᠤ ᠡᠰᠲ᠋ᠣᠨᠢ ᠤᠯᠤᠰ ᠡᠴᠠ ᠮᠣᠩᠭᠣᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠨᠣᠶᠠᠨ ᠬᠠᠨᠧᠰ ᠬᠠᠩᠰᠠ ᠪᠣᠯᠤᠨ ᠪᠦᠭᠦᠳᠡ ᠨᠠᠶᠢᠷᠠᠮᠳᠠᠬᠤ ᠡᠰᠲ᠋ᠣᠨᠢ ᠤᠯᠤᠰ ᠠᠴᠠ ᠮᠣᠩᠭᠣᠯ ᠤᠯᠤᠰ ᠲᠤ ᠰᠠᠭᠤᠬᠤ ᠡᠷᠭᠦᠮᠵᠢᠲᠦ ᠺᠣᠨᠰᠤᠶᠢᠯ ᠯ ∙ ᠬᠤᠯᠠᠨ ᠨᠠᠷ ᠣᠷᠣᠯᠴᠠᠯ᠎ᠠ᠃

ᠨᠡᠶᠢᠲᠡᠯᠡᠭᠰᠡᠨ᠄