《ᠺᠠᠨᠰᠠᠲ-᠒᠐᠒᠓》 ᠦᠨᠳᠦᠰᠦᠨ ᠊ᠤ ᠖ ᠲᠡᠮᠡᠴᠡᠭᠡᠨ ᠡᠬᠢᠯᠡᠯ᠎ᠡ


ᠯᠠᠵᠠᠨ ᠊ᠳᠤ ᠪᠠᠭᠠᠳᠬᠤ ᠵᠢᠵᠢᠭ ᠬᠡᠮᠵᠢᠶᠡᠨ ᠊ᠤ ᠬᠢᠮᠡᠯ ᠳᠠᠭᠠᠭᠤᠯᠢ ᠊ᠢᠢ ᠣᠶᠤᠲᠠᠨ᠂ ᠵᠠᠯᠠᠭᠤᠰ ᠥᠪᠡᠷᠰᠡᠳ ᠤᠨ ᠭᠠᠷ ᠊ᠢᠢᠠᠷ ᠵᠣᠬᠢᠶᠠᠨ ᠪᠦᠲᠦᠭᠡᠵᠦ ᠥᠷᠢᠰᠦᠯᠳᠦᠳᠡᠭ 《ᠺᠠᠨᠰᠠᠲ-᠒᠐᠒᠓》 ᠦᠨᠳᠦᠰᠦᠨ ᠊ᠤ ᠖ ᠲᠡᠮᠡᠴᠡᠭᠡᠨ ᠥᠨᠥᠳᠥᠷ (᠒᠐᠒᠓.᠐᠖.᠑᠖) ᠨᠠᠯᠠᠶᠢᠬᠤ ᠳᠡᠭᠦᠷᠭᠡ ᠊ᠢᠢᠨ ᠳᠠᠷᠬᠠᠨ ᠨᠣᠶᠠᠨ ᠊ᠤ ᠬᠤᠳᠳᠤᠭ ᠲᠤ ᠡᠬᠢᠯᠡᠯ᠎ᠡ᠃

ᠡᠨᠡᠬᠦ ᠲᠡᠮᠡᠴᠡᠭᠡᠨ ᠨᠢ ᠰᠠᠨᠰᠠᠷ ᠤᠨ ᠲᠧᠭᠨᠣᠯᠣᠭᠢ᠂ ᠰᠠᠨᠰᠠᠷ ᠰᠤᠳᠤᠯᠤᠯ ᠤᠨ ᠰᠢᠨᠵᠢᠯᠡᠬᠦ ᠤᠬᠠᠭᠠᠨ᠂ ᠲᠡᠭᠦᠨ ᠊ᠳᠦ ᠬᠠᠮᠢᠶᠠᠷᠬᠤ ᠢᠨᠵᠧᠨᠧᠷ ᠲᠧᠭᠨᠢᠭ ᠤᠨ ᠮᠡᠳᠡᠯᠭᠡ ᠪᠣᠯᠪᠠᠰᠤᠷᠠᠯ ᠢ ᠪᠣᠳᠠᠲᠤ ᠲᠥᠰᠥᠯ ᠊ᠢᠢᠡᠷ ᠳᠠᠮᠵᠢᠭᠤᠯᠤᠨ ᠶᠡᠬᠡ᠂ ᠳᠡᠭᠡᠳᠦ ᠰᠤᠷᠭᠠᠭᠤᠯᠢ ᠊ᠢᠢᠨ ᠣᠶᠤᠲᠠᠨ ᠵᠠᠯᠠᠭᠤᠰ᠂ ᠰᠣᠨᠢᠷᠬᠠᠭᠴᠢ ᠊ᠢᠢᠨ ᠪᠦᠯᠬᠦᠮ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠤᠨ ᠠᠬᠠᠯᠠᠬᠤ ᠠᠩᠬᠢ ᠊ᠢᠢᠨ ᠰᠤᠷᠤᠭᠴᠢᠳ ᠲᠤ ᠲᠠᠨᠢᠭᠤᠯᠤᠨ ᠰᠤᠷᠲᠠᠯᠴᠢᠯᠠᠬᠤ᠂ ᠳᠣᠲᠣᠭᠠᠳᠤ ᠊ᠢᠢᠨ ᠬᠦᠮᠦᠨ ᠊ᠤ ᠨᠥᠭᠡᠴᠡ ᠊ᠢᠢ ᠪᠡᠯᠡᠳᠬᠡᠬᠦ ᠵᠣᠷᠢᠯᠭ᠎ᠠ ᠪᠠᠷ ᠵᠢᠯ ᠪᠦᠷᠢ ᠤᠯᠠᠮᠵᠢᠯᠠᠨ ᠪᠣᠯᠤᠨ ᠵᠣᠬᠢᠶᠠᠨ ᠪᠠᠶᠢᠭᠤᠯᠤᠭᠳᠠᠳᠠᠭ ᠲᠡᠮᠡᠴᠡᠭᠡᠨ ᠶᠤᠮ᠃

ᠲᠡᠮᠡᠴᠡᠭᠡᠨ ᠊ᠢ ᠨᠡᠭᠡᠭᠡᠵᠦ ᠼᠠ᠊ ᠬᠥ᠊ ᠬᠠ᠊ ᠬᠣ᠊ ᠍-᠊ᠤ ᠳᠡᠳ᠋ ᠰᠠᠶᠢᠳ ᠵ ∙ ᠡᠷᠬᠢᠮᠪᠠᠭᠠᠲᠤᠷ ᠬᠡᠯᠡᠭᠰᠡᠨ ᠦᠭᠡᠨ ᠊ᠳᠦ ᠪᠡᠨ᠄ ᠡᠨᠡ ᠵᠢᠯ ᠤᠨ ᠲᠡᠮᠡᠴᠡᠭᠡᠨ ᠳᠡᠯᠡᠬᠡᠢ ᠊ᠢᠢᠨ ᠰᠠᠨᠰᠠᠷ ᠰᠤᠳᠤᠯᠤᠯ ᠤᠨ ᠲᠡᠦᠬᠡᠨ ᠳ᠋ᠡᠬᠢ ᠡᠮᠡᠭᠲᠡᠢ ᠬᠦᠮᠦᠨ ᠠᠩᠬ᠎ᠠ ᠰᠠᠨᠰᠠᠷ ᠳᠤ ᠨᠢᠰᠦᠭᠰᠡᠨ ᠲᠡᠮᠳᠡᠭᠯᠡᠯᠲᠦ ᠡᠳᠦᠷ ᠵᠣᠬᠢᠶᠠᠭᠳᠠᠵᠤ ᠪᠠᠶᠢᠨ᠎ᠠ᠃ ᠡᠨᠡ ᠤᠳᠠᠭ᠎ᠠ ᠊ᠢᠢᠨ ᠲᠡᠮᠡᠴᠡᠭᠡᠨ ᠡᠮᠦᠨᠡᠬᠢ ᠵᠢᠯ ᠤᠳ ᠲᠡᠢ ᠬᠠᠷᠢᠴᠠᠭᠤᠯᠬᠤ ᠊ᠳᠤ ᠣᠷᠣᠯᠴᠠᠭᠴᠢᠳ ᠤᠨ ᠲᠣᠭ᠎ᠠ ᠬᠡᠳᠦ ᠳ᠋ᠠᠬᠢᠨ ᠨᠡᠮᠡᠭᠳᠡᠵᠦ᠂ ᠠᠩᠬ᠎ᠠ ᠤᠳᠠᠭ᠎ᠠ ᠳᠤᠮᠳᠠ ᠰᠤᠷᠭᠠᠭᠤᠯᠢ ᠊ᠢᠢᠨ ᠪᠠᠭ ᠣᠷᠣᠯᠴᠠᠵᠤ ᠪᠤᠢ ᠪᠠᠷ ᠊ᠢᠢᠠᠨ ᠣᠨᠴᠠᠯᠢᠭ ᠪᠣᠯᠵᠤ ᠪᠠᠶᠢᠨ᠎ᠠ᠃

᠒ ᠰᠠᠷ᠎ᠠ ᠭᠠᠷᠤᠢ ᠬᠤᠭᠤᠴᠠᠭᠠᠨ ᠊ᠳᠤ ᠣᠶᠤᠨ ᠤᠬᠠᠭᠠᠨ ᠊ᠢᠢᠠᠨ ᠤᠷᠤᠯᠳᠤᠭᠤᠯᠤᠨ ᠬᠢᠵᠦ ᠪᠦᠲᠦᠭᠡᠭᠰᠡᠨ ᠪᠦᠲᠦᠭᠡᠯ ᠤᠳ ᠨᠢ ᠠᠮᠵᠢᠯᠲᠠ ᠲᠠᠢ ᠬᠥᠷᠴᠢ᠂ ᠳᠠᠭᠠᠭᠠᠯᠭᠠᠪᠤᠷᠢ ᠪᠠᠨ ᠠᠮᠵᠢᠯᠲᠠᠲᠠᠢ ᠪᠡᠶᠡᠯᠡᠭᠦᠯᠬᠦ ᠊ᠢ ᠨᠡᠶᠢᠲᠡ ᠣᠷᠣᠯᠴᠠᠭᠴᠢᠳ ᠲᠤ ᠪᠠᠨ ᠬᠦᠰᠡᠶ᠎ᠡ᠃ ᠣᠶᠤᠨ ᠊ᠤ ᠬᠥᠷᠦᠩᠭᠡ ᠣᠷᠣᠭᠤᠯᠤᠯᠲᠠ ᠪᠦᠬᠦᠢ ᠲᠣᠮᠣ ᠲᠥᠰᠦᠯ ᠲᠡᠮᠡᠴᠡᠭᠡᠨ ᠊ᠢ ᠵᠣᠬᠢᠶᠠᠨ ᠪᠠᠶᠢᠭᠤᠯᠬᠤ ᠊ᠳᠤ ᠳᠡᠮᠵᠢᠵᠦ᠂ ᠬᠠᠮᠲᠤᠷᠠᠨ ᠠᠵᠢᠯᠯᠠᠳᠠᠭ ᠪᠠᠶᠢᠭᠤᠯᠤᠯᠭ᠎ᠠ ᠨᠤᠭᠤᠳ ᠲᠠᠭᠠᠨ ᠲᠠᠯᠠᠷᠬᠠᠯ ᠢᠯᠡᠷᠬᠡᠶᠢᠯᠡᠶ᠎ᠡ ᠭᠡᠪ᠃

ᠲᠡᠮᠡᠴᠡᠭᠡᠨ ᠊ᠳᠦ ᠺᠠᠨᠰᠠᠲ ᠪᠣᠯᠤᠨ ᠪᠤᠴᠠᠭᠴᠢ ᠲᠥᠷᠥᠯ ᠤᠨ ᠨᠡᠶᠢᠲᠡ ᠒᠒ ᠪᠠᠭ ᠤᠨ ᠑᠕᠐ ᠭᠠᠷᠤᠢ ᠣᠶᠤᠲᠠᠨ ᠰᠤᠷᠤᠭᠴᠢᠳ ᠣᠷᠣᠯᠴᠠᠵᠤ ᠪᠠᠶᠢᠨ᠎ᠠ᠃ ᠲᠡᠮᠡᠴᠡᠭᠡᠨ ᠊ᠤ ᠰᠢᠯᠢᠳᠡᠭ ᠤᠳ ᠮᠠᠷᠭᠠᠰᠢ ᠲᠣᠳᠣᠷᠠᠨ᠎ᠠ᠃

ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ

ᠨᠡᠶᠢᠲᠡᠯᠡᠭᠰᠡᠨ᠄