ᠣᠷᠬᠣᠨ ᠠᠶᠢᠮᠠᠭ ᠲᠤ ᠲᠥᠷᠦ ᠊ᠢᠢᠨ ᠦᠢᠯᠡᠴᠢᠯᠡᠭᠡᠨ ᠊ᠤ 《ᠬᠤᠷᠳᠤᠨ ᠴᠡᠭ》 ᠨᠡᠭᠡᠭᠡᠭᠳᠡᠯ᠎ᠡ


ᠲᠥᠷᠥ ᠊ᠢᠢᠨ ᠦᠢᠯᠡᠴᠢᠯᠡᠭᠡ ᠊ᠢᠢ ᠲᠦᠷᠭᠡᠨ ᠰᠢᠭᠤᠷᠬᠠᠢ᠂ ᠬᠦᠨᠳᠦ ᠰᠤᠷᠲᠠᠯ ᠦᠭᠡᠢ᠂ ᠵᠠᠷᠤᠳᠠᠯ ᠴᠢᠷᠦᠭᠳᠡᠯ ᠦᠭᠢᠶ ᠬᠠᠮᠢᠭ᠎ᠠ ᠡᠴᠠ ᠴᠤ ᠣᠶᠢᠷ᠎ᠠ ᠬᠦᠷᠭᠡᠬᠦ 《ᠬᠤᠷᠳᠤᠨ》 ᠴᠡᠭ ᠥᠨᠥᠳᠥᠷ (᠒᠐᠒᠓.᠐᠖.᠑᠕) ᠣᠷᠬᠣᠨ ᠠᠶᠢᠮᠠᠭ ᠲᠤ ᠨᠡᠭᠡᠭᠡᠯᠲᠡ ᠪᠡᠨ ᠬᠢᠵᠦ ᠪᠠᠶᠢᠨ᠎ᠠ᠃

ᠨᠡᠭᠡᠭᠡᠯᠲᠡ ᠊ᠢᠢᠨ ᠦᠢᠯᠡ ᠠᠵᠢᠯᠯᠠᠭᠠᠨ ᠊ᠳᠤ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠳᠡᠳ᠋ ᠰᠠᠶᠢᠳ ᠵ ∙ ᠡᠷᠬᠢᠮᠪᠠᠭᠠᠲᠤᠷ᠂ ᠼᠠ᠊ ᠬᠥ᠊ ᠬᠠ᠊ ᠬᠣ᠊ ᠶᠠ᠊-᠊ᠤ ᠬᠠᠷᠢᠯᠴᠠᠭ᠎ᠠ ᠬᠣᠯᠪᠣᠭᠠᠨ ᠊ᠤ ᠪᠣᠳᠣᠯᠭ᠎ᠠ ᠊ᠢᠢᠨ ᠬᠡᠷᠡᠭᠵᠢᠯᠲᠡ ᠊ᠢᠢ ᠵᠣᠬᠢᠴᠠᠭᠤᠯᠬᠤ ᠭᠠᠵᠠᠷ ᠤᠨ ᠳᠠᠷᠤᠭ᠎ᠠ ᠯ ∙ ᠡᠩᠬᠡᠪᠠᠲᠤ᠂ ᠣᠷᠬᠣᠨ ᠠᠶᠢᠮᠠᠭ ᠤᠨ ᠵᠠᠰᠠᠭ ᠳᠠᠷᠤᠭ᠎ᠠ ᠰ ∙ ᠪᠠᠲᠤᠵᠢᠷᠭᠠᠯ᠂ ᠣᠷᠬᠣᠨ ᠠᠶᠢᠮᠠᠭ ᠤᠨ ᠢᠷᠭᠡᠳ ᠤᠨ ᠲᠥᠯᠥᠭᠡᠯᠡᠭᠴᠢᠳ ᠤᠨ ᠬᠤᠷᠠᠯ ᠤᠨ ᠳᠠᠷᠤᠭ᠎ᠠ ᠳ ∙ ᠮᠥᠩᠬᠡᠪᠠᠲᠤ᠂ ᠲᠥᠷᠥ ᠊ᠢᠢᠨ ᠴᠠᠬᠢᠮ ᠦᠢᠯᠡᠴᠢᠯᠡᠭᠡᠨ ᠊ᠤ ᠣᠷᠬᠣᠨ ᠠᠶᠢᠮᠠᠭ ᠳᠠᠬᠢ ᠬᠡᠯᠲᠡᠰ ᠤᠨ ᠳᠠᠷᠤᠭ᠎ᠠ ᠮ ∙ ᠪᠠᠶᠠᠷᠪᠠᠶᠠᠰᠬᠤᠯᠠᠩ ᠪᠣᠯᠤᠨ ᠠᠶᠢᠮᠠᠭ ᠤᠨ ᠬᠣᠯᠪᠣᠭᠳᠠᠬᠤ ᠠᠯᠪᠠᠨ ᠲᠤᠰᠢᠶᠠᠯᠲᠠᠨ ᠨᠤᠭᠤᠳ ᠣᠷᠣᠯᠴᠠᠯ᠎ᠠ᠃

ᠲᠥᠷᠦ ᠊ᠢᠢᠨ ᠴᠠᠬᠢᠮ ᠦᠢᠯᠡᠴᠢᠯᠡᠭᠡᠨ ᠊ᠤ 《ᠬᠤᠷᠳᠤᠨ》 ᠴᠡᠭ ᠣᠷᠬᠣᠨ ᠠᠶᠢᠮᠠᠭ ᠲᠤ ᠨᠡᠭᠡᠭᠡᠭᠳᠡᠭᠰᠡᠨ ᠊ᠢᠢᠡᠷ ᠲᠤᠰ ᠠᠶᠢᠮᠠᠭ ᠤᠨ ᠑᠐᠐ ᠭᠠᠷᠤᠢ ᠮᠢᠩᠭᠠᠨ ᠢᠷᠭᠡᠨ᠂ ᠲᠥᠷᠦ ᠊ᠢᠢᠨ ᠓᠕ ᠪᠠᠶᠢᠭᠤᠯᠤᠯᠭ᠎ᠠ ᠊ᠢᠢᠨ ᠔᠔᠐ ᠣᠷᠴᠢᠮ ᠦᠢᠯᠡᠴᠢᠯᠡᠭᠡ᠂ ᠙᠔ ᠲᠥᠷᠦᠯ ᠤᠨ ᠯᠠᠪᠯᠠᠭᠠᠭ᠎ᠠ᠂ ᠲᠣᠳᠣᠷᠬᠠᠶᠢᠯᠠᠯᠲᠠ ᠊ᠢᠢ ᠣᠫᠧᠷᠠᠲ᠋ᠣᠷ ᠤᠨ ᠭᠣᠷᠢᠮ ᠢᠶᠠᠷ ᠨᠢᠭᠡ ᠳᠣᠣᠷ᠎ᠠ ᠡᠴᠠ ᠠᠪᠬᠤ ᠪᠣᠯᠤᠮᠵᠢ ᠲᠠᠢ ᠶᠤᠮ᠃

ᠥᠨᠥᠳᠥᠷ ᠤᠨ ᠪᠠᠶᠢᠳᠠᠯ ᠊ᠢᠢᠠᠷ ᠨᠡᠶᠢᠰᠯᠡᠯ ᠤᠯᠠᠭᠠᠨᠪᠠᠭᠠᠲᠤᠷ ᠬᠣᠳᠠ ᠊ᠳᠤ ᠔᠙᠂ ᠣᠷᠣᠨ ᠨᠤᠲᠤᠭ ᠲᠤ ᠑᠕᠂ ᠭᠠᠳᠠᠭᠠᠳᠤ ᠊ᠢᠢᠨ ᠡᠯᠴᠢᠨ ᠰᠠᠶᠢᠳ ᠤᠨ ᠶᠠᠮᠤ᠂ ᠳ᠋ᠢᠫᠯᠣᠮᠠᠲ ᠲᠥᠯᠥᠭᠡᠯᠡᠭᠴᠢ ᠊ᠢᠢᠨ ᠭᠠᠵᠠᠷ ᠤᠳ ᠲᠤ ᠖ ᠴᠡᠭ ᠢ ᠪᠠᠶᠢᠭᠤᠯᠤᠨ ᠠᠵᠢᠯᠯᠠᠵᠤ ᠪᠠᠶᠢᠨ᠎ᠠ᠃

ᠴᠢᠨᠠᠭᠰᠢᠳᠠ ᠕᠖ ᠪᠠᠶᠢᠭᠤᠯᠤᠯᠭ᠎ᠠ ᠊ᠢᠢᠨ ᠗᠘᠕ ᠲᠥᠷᠥ ᠊ᠢᠢᠨ ᠦᠢᠯᠡᠴᠢᠯᠡᠭᠡ ᠊ᠢᠢ 《ᠬᠤᠷᠳᠤᠨ》 ᠴᠡᠭ ᠊ᠢᠢᠡᠷ ᠳᠠᠮᠵᠢᠭᠤᠯᠤᠨ ᠠᠪᠬᠤ ᠪᠣᠯᠤᠮᠵᠢ ᠪᠥᠷᠢᠳᠦᠨ᠎ᠡ᠃ ᠲᠥᠷᠥ ᠊ᠢᠢᠨ ᠦᠢᠯᠡᠴᠢᠯᠡᠭᠡ᠂ ᠲᠠᠩᠳᠠ ᠣᠶᠢᠷᠠᠬᠠᠨ.᠃ ᠬᠤᠷᠳᠤᠨ᠃

ᠨᠡᠶᠢᠲᠡᠯᠡᠭᠰᠡᠨ᠄