ᠴᠠᠬᠢᠮ ᠤᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ ᠨᠢ》 ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ


《ᠴᠠᠬᠢᠮ ᠤᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ ᠨᠢ》 ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ
ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤᠨ ᠠᠴᠠ ᠨᠢ ᠬᠦᠮᠦᠨ ᠦ ᠡᠷᠬᠡ ᠶᠢ ᠬᠠᠮᠠᠭᠠᠯᠠᠬᠤ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠪᠠᠶᠢᠭᠤᠯᠤᠯᠭ᠎ᠠ᠂ ᠶᠡᠬᠡ᠂ ᠳᠡᠭᠡᠳᠦ ᠰᠤᠷᠭᠠᠭᠤᠯᠢ ᠶᠢᠨ ᠡᠷᠳᠡᠮᠲᠡᠨ᠂ ᠪᠠᠭᠰᠢ᠂ ᠰᠤᠳᠤᠯᠤᠭᠠᠴᠢ᠂ ᠰᠢᠨᠵᠢᠭᠡᠴᠢᠳ ᠦᠨ ᠣᠷᠣᠯᠴᠠᠭ᠎ᠠ ᠶᠢ ᠬᠠᠩᠭᠠᠬᠤ᠂ ᠬᠠᠮᠲᠤᠷᠠᠨ ᠠᠵᠢᠯᠯᠠᠬᠤ ᠪᠣᠯᠤᠮᠵᠢ ᠶᠢ ᠨᠡᠮᠡᠭᠳᠡᠭᠦᠯᠬᠦ᠂ ᠮᠡᠳᠡᠭᠡᠯᠡᠯ ᠰᠤᠯᠢᠯᠴᠠᠬᠤ᠂ ᠴᠢᠨᠠᠭᠰᠢᠯᠠᠭᠠᠳ ᠴᠠᠬᠢᠮ ᠤᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠡᠷᠬᠡ ᠵᠦᠢ ᠶᠢᠨ ᠣᠷᠴᠢᠨ ᠢ ᠪᠤᠢ ᠪᠣᠯᠭᠠᠬᠤ ᠵᠣᠷᠢᠯᠭ᠎ᠠ ᠪᠠᠷ 《ᠴᠠᠬᠢᠮ ᠤᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠨᠢ》 ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠢ ᠥᠨᠥᠳᠥᠷ /2023.05.29/ ᠬᠠᠤᠯᠢ ᠵᠦᠢ ᠶᠢᠨ ᠦᠨᠳᠦᠰᠦᠨ ᠦ ᠬᠦᠷᠢᠶᠡᠯᠡᠩ ᠳᠦ ᠵᠣᠬᠢᠶᠠᠨ ᠪᠠᠶᠢᠭᠤᠯᠤᠯ᠎ᠠ᠃
ᠡᠷᠳᠡᠮ ᠰᠢᠨᠵᠢᠯᠡᠭᠡᠨ ᠦ ᠬᠤᠷᠠᠯ ᠳᠤ ᠬᠠᠤᠯᠢ ᠵᠦᠢ᠂ ᠳᠣᠲᠣᠭᠠᠳᠤ ᠬᠡᠷᠡᠭ ᠦᠨ ᠶᠠᠮᠤ᠂ ᠬᠦᠮᠦᠨ ᠦ ᠡᠷᠬᠡ ᠶᠢᠨ ᠦᠨᠳᠦᠰᠦᠨ ᠦ ᠺᠣᠮᠢᠰ᠂ ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶ᠎ᠠ᠂ ᠴᠠᠭᠳᠠᠭ᠎ᠠ ᠶᠢᠨ ᠶᠡᠷᠦᠩᠬᠡᠢ ᠭᠠᠵᠠᠷ᠂ ᠬᠠᠤᠯᠢ ᠵᠦᠢ ᠶᠢᠨ ᠦᠨᠳᠦᠰᠦᠨ ᠦ ᠬᠦᠷᠢᠶᠡᠯᠡᠨ᠂ ᠭᠡᠷ ᠪᠦᠯᠢ᠂ ᠬᠡᠦᠬᠡᠳ᠂ ᠵᠠᠯᠠᠭᠤᠴᠤᠳ ᠤᠨ ᠬᠥᠭᠵᠢᠯ ᠦᠨ ᠭᠠᠵᠠᠷ᠂ ᠮᠢᠰ ᠤᠨ ᠬᠠᠤᠯᠢ ᠵᠦᠢ ᠶᠢᠨ ᠰᠤᠷᠭᠠᠭᠤᠯᠢ᠂ ᠳᠣᠲᠣᠭᠠᠳᠤ ᠬᠡᠷᠡᠭ ᠦᠨ ᠶᠡᠬᠡ ᠰᠤᠷᠭᠠᠭᠤᠯᠢ ᠶᠢᠨ ᠡᠷᠳᠡᠮᠲᠡᠨ᠂ ᠪᠠᠭᠰᠢ᠂ ᠰᠤᠳᠤᠯᠤᠭᠠᠴᠢ᠂ ᠰᠢᠨᠵᠢᠭᠡᠴᠢ ᠨᠠᠷ ᠤᠨ 30 ᠣᠷᠴᠢᠮ ᠲᠥᠯᠦᠭᠡᠯᠡᠯ ᠣᠷᠣᠯᠴᠠᠵᠤ᠂ ᠴᠠᠬᠢᠮ ᠣᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠲᠠᠯ᠎ᠠ ᠪᠠᠷ ᠢᠯᠡᠳᠬᠡᠯ᠂ ᠲᠠᠨᠢᠯᠴᠠᠭᠤᠯᠭ᠎ᠠ ᠬᠢᠵᠦ᠂ ᠬᠡᠯᠡᠯᠴᠡᠭᠦᠯᠭᠡ ᠥᠷᠨᠢᠭᠦᠯᠦᠯ᠎ᠡ᠃
ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠳᠡᠳ᠋ ᠰᠠᠶᠢᠳ ᠵ.ᠡᠷᠬᠢᠮᠪᠠᠭᠠᠲᠤᠷ ᠡᠷᠳᠡᠮ ᠰᠢᠨᠵᠢᠯᠡᠭᠡᠨ ᠦ ᠬᠤᠷᠠᠯ ᠢ ᠨᠡᠭᠡᠭᠡᠵᠦ ᠬᠡᠯᠡᠭᠰᠡᠨ ᠦᠭᠡᠨ ᠳᠦ ᠪᠡᠨ᠄ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ 《ᠮᠣᠩᠭᠣᠯ ᠤᠯᠤᠰ ᠤᠨ ᠬᠠᠤᠯᠢ ᠲᠣᠭᠲᠠᠭᠠᠮᠵᠢ ᠶᠢ 2024 ᠣᠨ ᠬᠦᠷᠲᠡᠯ᠎ᠡ ᠪᠣᠯᠪᠠᠰᠤᠷᠠᠩᠭᠤᠢ ᠪᠣᠯᠭᠠᠬᠤ ᠦᠨᠳᠦᠰᠦᠨ ᠴᠢᠭᠯᠡᠯ》 ᠍ ᠳᠦ 《ᠴᠠᠬᠢᠮ ᠤᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠲᠤᠬᠠᠢ ᠬᠠᠤᠯᠢ ᠶᠢᠨ ᠲᠥᠰᠥᠯ》 ᠍ ᠶᠢ ᠮᠣᠩᠭᠣᠯ ᠤᠯᠤᠰ ᠤᠨ ᠵᠠᠰᠠᠭ ᠤᠨ ᠭᠠᠵᠠᠷ ᠰᠠᠨᠠᠭᠠᠴᠢᠯᠠᠨ ᠪᠣᠯᠪᠠᠰᠤᠷᠠᠭᠤᠯᠬᠤ ᠪᠠᠷ ᠵᠢᠭᠠᠭᠰᠠᠨ ᠤ ᠳᠠᠭᠠᠤ ᠬᠠᠤᠯᠢ ᠶᠢᠨ ᠲᠥᠰᠥᠯ ᠢ ᠪᠣᠯᠪᠠᠰᠤᠷᠠᠭᠤᠯᠬᠤ ᠲᠠᠢ ᠬᠣᠯᠪᠣᠭᠳᠠᠭᠰᠠᠨ ᠰᠤᠳᠤᠯᠭ᠎ᠠ ᠶᠢ ᠭᠦᠢᠴᠡᠳᠭᠡᠬᠦ ᠪᠡᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠰᠠᠶᠢᠳ ᠤᠨ ᠲᠤᠰᠢᠶᠠᠯ ᠢᠶᠠᠷ ᠠᠵᠢᠯ ᠤᠨ ᠬᠡᠰᠡᠭ ᠪᠠᠶᠢᠭᠤᠯᠤᠭᠳᠠᠵᠤ ᠠᠵᠢᠯᠯᠠᠵᠤ ᠪᠠᠶᠢᠨ᠎ᠠ᠃
ᠡᠨᠡᠬᠦ ᠠᠵᠢᠯ ᠤᠨ ᠬᠦᠷᠢᠶᠡᠨ ᠳᠦ ᠠᠭᠤᠯᠵᠠᠯᠲᠠ᠂ ᠬᠡᠯᠡᠯᠴᠡᠭᠦᠯᠭᠡ ᠶᠢ ᠦᠶ᠎ᠡ ᠱᠠᠲᠤ ᠲᠠᠢ ᠬᠡᠷᠡᠭᠵᠢᠭᠦᠯᠬᠦ ᠠᠷᠭ᠎ᠠ ᠬᠡᠮᠵᠢᠶᠡᠨ ᠦ ᠨᠢᠭᠡ ᠨᠢ ᠥᠨᠥᠳᠥᠷ ᠦᠨ ᠡᠷᠳᠡᠮ ᠰᠢᠨᠵᠢᠯᠡᠭᠡᠨ ᠦ ᠬᠤᠷᠠᠯ ᠭᠡᠳᠡᠭ ᠢ ᠣᠨᠴᠠᠯᠠᠨ᠂ ᠴᠠᠬᠢᠮ ᠣᠷᠴᠢᠨ ᠳᠤ ᠬᠦᠮᠦᠨ ᠦ ᠡᠷᠬᠡ ᠶᠢ ᠬᠠᠮᠠᠭᠠᠯᠠᠬᠤ ᠬᠠᠤᠯᠢ᠂ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ ᠦᠢᠯᠡ ᠬᠡᠷᠡᠭ ᠲᠦ ᠦᠨᠡᠲᠡᠢ ᠬᠤᠪᠢ ᠨᠡᠮᠡᠷᠢ ᠣᠷᠣᠭᠤᠯᠵᠤ ᠪᠤᠶᠢᠳᠠ ᠬᠤᠷᠠᠯ ᠳᠤ ᠣᠷᠣᠯᠴᠠᠭᠴᠢᠳ ᠲᠤ ᠲᠠᠯᠠᠷᠬᠠᠯ ᠢᠶᠠᠨ ᠢᠯᠡᠷᠬᠡᠶᠢᠯᠡᠵᠦ᠂ ᠲᠤᠰ ᠬᠤᠷᠠᠯ ᠠᠴᠠ ᠭᠠᠷᠤᠭᠰᠠᠨ ᠰᠠᠨᠠᠯ᠂ ᠳ᠋ᠦᠩᠨᠡᠯᠲᠡ ᠶᠢ ᠠᠵᠢᠯ ᠤᠨ ᠬᠡᠰᠡᠭ ᠲᠦ ᠲᠠᠨᠢᠯᠴᠠᠭᠤᠯᠵᠤ ᠠᠵᠢᠯᠯᠠᠬᠤ ᠪᠠᠨ ᠢᠯᠡᠷᠬᠡᠶᠢᠯᠡᠭᠰᠡᠨ ᠶᠤᠮ᠃
ᠮᠠᠨ ᠤ ᠤᠯᠤᠰ ᠤᠨ ᠢᠷᠭᠡᠳ ᠦᠨ ᠣᠯᠠᠨ ᠨᠡᠶᠢᠲᠡ ᠶᠢᠨ ᠰᠦᠯᠵᠢᠶᠡᠨ ᠦ ᠬᠡᠷᠡᠭᠯᠡᠭᠡ ᠣᠤ ᠲᠠᠢ ᠬᠠᠷᠢᠴᠠᠭᠤᠯᠬᠤ ᠳᠤ ᠬᠠᠷᠢᠴᠠᠩᠭᠤᠢ ᠥᠨᠳᠥᠷ ᠲᠦ ᠲᠣᠭᠠᠴᠠᠭᠳᠠᠳᠠᠭ ᠪᠤᠶᠤ 2.7 ᠰᠠᠶ᠎ᠠ ᠬᠡᠷᠡᠭᠯᠡᠭᠴᠢ ᠹᠡᠢᠰᠪᠥᠺ ᠠᠰᠢᠭᠯᠠᠳᠠᠭ ᠭᠡᠬᠦ ᠰᠤᠳᠤᠯᠭ᠎ᠠ ᠪᠤᠢ. ᠡᠭᠦᠨ ᠲᠡᠢ ᠬᠣᠯᠪᠣᠭᠠᠲᠠᠢ ᠪᠠᠷ ᠣᠯᠠᠨ ᠨᠡᠶᠢᠲᠡ ᠶᠢᠨ ᠰᠦᠯᠵᠢᠶ᠎ᠡ ᠪᠡᠷ ᠲᠥᠷᠥᠯ ᠪᠦᠷᠢ ᠶᠢᠨ ᠭᠡᠮᠲᠦ ᠬᠡᠷᠡᠭ᠂ ᠴᠠᠬᠢᠮ ᠬᠠᠯᠳᠠᠯᠭ᠎ᠠ ᠦᠢᠯᠡᠳᠦᠭᠳᠡᠬᠦ ᠦᠨᠳᠦᠰᠦᠨ ᠰᠤᠪᠠᠭ ᠪᠣᠯᠵᠤ᠂ ᠴᠠᠬᠢᠮ ᠵᠠᠯᠢᠯᠠᠩ ᠤᠨ ᠬᠤᠪᠢ ᠳᠤ 2022 ᠣᠨ ᠤ ᠡᠬᠢᠨ ᠦ ᠠᠷᠪᠠᠨ ᠰᠠᠷ᠎ᠠ ᠶᠢᠨ ᠪᠠᠶᠢᠳᠠᠯ ᠢᠶᠠᠷ 24 ᠲᠡᠷᠪᠤᠮ ᠲᠥᠭᠥᠷᠢᠭ ᠦᠨ ᠬᠣᠬᠢᠷᠠᠯ ᠤᠴᠢᠷᠴᠢ᠂ ᠵᠢᠯ ᠡᠴᠡ ᠵᠢᠯ ᠳᠦ ᠬᠣᠬᠢᠷᠠᠯ ᠤᠨ ᠬᠡᠮᠵᠢᠶ᠎ᠡ ᠥᠰᠦᠨ᠂ ᠭᠡᠮᠲᠦ ᠬᠡᠷᠡᠭ ᠦᠨ ᠭᠠᠷᠤᠯᠲᠠ ᠥᠰᠴᠦ ᠪᠠᠶᠢᠨ᠎ᠠ᠃
ᠴᠠᠭᠳᠠᠭ᠎ᠠ ᠶᠢᠨ ᠪᠠᠶᠢᠭᠤᠯᠤᠯᠭ᠎ᠠ ᠠᠴᠠ ᠢᠷᠡᠭᠦᠯᠦᠭᠰᠡᠨ ᠮᠡᠳᠡᠭᠡᠯᠡᠯ ᠢᠶᠡᠷ 2022 ᠣᠨ ᠳᠤ ᠴᠠᠬᠢᠮ ᠣᠷᠴᠢᠨ ᠳᠤ ᠨᠡᠶᠢᠲᠡ 8᠂563 ᠭᠡᠮᠲᠦ ᠬᠡᠷᠡᠭ ᠦᠢᠯᠡᠳᠦᠭᠳᠡᠭᠰᠡᠨ ᠭᠡᠵᠦ ᠪᠦᠷᠢᠳᠬᠡᠭᠳᠡᠭᠰᠡᠨ ᠡᠴᠡ ᠰᠡᠭᠦᠯ ᠦᠨ ᠨᠢᠭᠡ ᠵᠢᠯ ᠦᠨ ᠬᠤᠭᠤᠴᠠᠭᠠᠨ ᠳᠤ ᠵᠠᠯᠢᠯᠠᠬᠤ ᠭᠡᠮᠲᠦ ᠬᠡᠷᠡᠭ 99.8 ᠬᠤᠪᠢᠶᠠᠷᠢ᠂ ᠠᠯᠳᠠᠭ᠎ᠠ ᠲᠠᠢ ᠭᠦᠶᠦᠯᠭᠡᠭᠡ᠂ ᠠᠨᠳᠠᠭᠤᠷᠠᠭᠳᠠᠭᠰᠠᠨ ᠢᠯᠡᠭᠡᠮᠵᠢ᠂ ᠭᠡᠭᠡᠭᠳᠡᠯ ᠡᠳ᠋ ᠬᠥᠷᠥᠩᠭᠡ᠂ ᠠᠯᠳᠠᠭᠤᠯ ᠮᠠᠯ ᠵᠠᠪᠰᠢᠬᠤ ᠭᠡᠮᠲᠦ ᠬᠡᠷᠡᠭ 95.2 ᠬᠤᠪᠢᠶᠠᠷᠢ᠂ ᠺᠢᠪᠧᠷ ᠤᠷᠴᠢᠨ ᠳᠤ ᠬᠠᠤᠯᠢ ᠪᠤᠰᠤ ᠪᠠᠷ ᠬᠠᠯᠠᠳᠠᠬᠤ ᠭᠡᠮᠲᠦ ᠬᠡᠷᠡᠭ 70.7 ᠬᠤᠪᠢᠶᠠᠷᠢ᠂ ᠬᠤᠯᠠᠭᠠᠶᠢᠯᠠᠬᠤ ᠭᠡᠮᠲᠦ ᠬᠡᠷᠡᠭ 37 ᠬᠤᠪᠢᠶᠠᠷᠢ᠂ ᠬᠡᠦᠬᠡᠳ ᠲᠦ ᠰᠠᠳᠤᠷ᠂ ᠰᠠᠮᠠᠭᠤᠨ ᠢ ᠰᠤᠷᠲᠠᠯᠴᠢᠯᠠᠬᠤ᠂ ᠤᠷᠤᠭᠤ ᠲᠠᠲᠠᠬᠤ ᠭᠡᠮᠲᠦ ᠬᠡᠷᠡᠭ 18.5 ᠬᠤᠪᠢᠶᠠᠷᠢ ᠨᠡᠮᠡᠭᠳᠡᠵᠦ᠂ ᠴᠠᠬᠢᠮ ᠣᠷᠴᠢᠨ ᠤ ᠬᠡᠷᠡᠭᠯᠡᠭᠴᠢᠳ ᠦᠨ ᠲᠣᠭ᠎ᠠ ᠦᠰᠬᠦ ᠪᠦᠷᠢ ᠳᠦ ᠲᠤᠬᠠᠢ ᠶᠢᠨ ᠣᠷᠣᠨ ᠵᠠᠢ ᠳᠤ ᠦᠢᠯᠡᠳᠦᠭᠳᠡᠬᠦ ᠭᠡᠮᠲᠦ ᠬᠡᠷᠡᠭ᠂ ᠵᠥᠷᠢᠴᠡᠯ ᠲᠡᠢ ᠺᠣᠨᠲ᠋ᠧᠨᠲ ᠤᠨ ᠲᠣᠭ᠎ᠠ᠂ ᠲᠥᠷᠦᠯ ᠨᠡᠮᠡᠭᠳᠡᠨ᠂ ᠬᠦᠮᠦᠨ ᠦ ᠡᠷᠬᠡ᠂ ᠬᠠᠤᠯᠢ ᠶᠣᠰᠣᠨ ᠤ ᠠᠰᠢᠭ ᠰᠣᠨᠢᠷᠬᠠᠯ᠂ ᠪᠡᠶ᠎ᠡ ᠮᠠᠬᠠᠪᠣᠳ᠂ ᠡᠳ᠋ ᠬᠥᠷᠦᠩᠭᠡ ᠳᠦ ᠨᠣᠴᠢᠲᠠᠢ ᠬᠣᠬᠢᠷᠠᠯ ᠤᠴᠠᠷᠠᠭᠤᠯᠬᠤ ᠡᠷᠦᠰᠳᠡᠯ ᠡᠭᠦᠰᠦᠭᠰᠡᠭᠡᠷ ᠪᠠᠶᠢᠨ᠎ᠠ᠃
ᠡᠶᠢᠮᠦ ᠳᠦ ᠴᠠᠬᠢᠮ ᠣᠷᠴᠢᠨ ᠳᠠᠬᠢ ᠬᠦᠮᠦᠨ ᠦ ᠡᠷᠬᠡ᠂ ᠬᠠᠤᠯᠢ ᠶᠣᠰᠣᠨ ᠤ ᠠᠰᠢᠭ ᠰᠣᠨᠢᠷᠬᠠᠯ ᠢ ᠬᠠᠮᠠᠭᠠᠯᠠᠬᠤ᠂ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ᠂ ᠭᠡᠮᠲᠦ ᠬᠡᠷᠡᠭ᠂ ᠵᠥᠷᠢᠴᠡᠯ ᠢ ᠲᠠᠰᠤᠯᠤᠨ ᠵᠣᠭᠰᠣᠭᠠᠬᠤ᠂ ᠨᠤᠲᠠᠯᠠᠬᠤ ᠪᠠᠷᠢᠮᠲᠠ ᠶᠢ ᠪᠦᠷᠢᠳᠦᠭᠦᠯᠬᠦ᠂ ᠪᠡᠬᠢᠵᠢᠭᠦᠯᠬᠦ᠂ ᠭᠠᠳᠠᠭᠠᠳᠤ ᠬᠠᠮᠲᠤ ᠶᠢᠨ ᠠᠵᠢᠯᠯᠠᠭ᠎ᠠ ᠶᠢ ᠨᠡᠮᠡᠭᠳᠡᠭᠦᠯᠬᠦ᠂ ᠬᠠᠤᠯᠢ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ ᠱᠠᠭᠠᠷᠳᠠᠯᠭ᠎ᠠ ᠪᠤᠢ ᠪᠣᠯᠵᠤ ᠪᠠᠶᠢᠨ᠎ᠠ᠃

ᠨᠡᠶᠢᠲᠡᠯᠡᠭᠰᠡᠨ᠄